Menu

ᠰᠤᠷᠭᠠᠭᠤᠯᠢ ᠵᠢᠨ ᠶᠡᠷᠦᠩᠭᠡᠢ ᠪᠠᠶᠢᠳᠠᠯ

03-总体鸟瞰图4

ᠤᠷᠳᠤᠰ ᠬᠤᠳᠠ ᠵᠢᠨ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ 1956 ᠣᠨ  ᠳᠤ ᠪᠠᠶᠢᠭᠤᠯᠤᠭᠳᠠᠵᠤ ᠂ ᠠᠩᠬᠠᠨ  ᠳᠤ  ᠪᠠᠨ ᠶᠡᠭᠡ ᠵᠤᠤ ᠠᠶᠢᠮᠠᠭ ᠤᠨ ᠬᠤᠶᠠᠳᠤᠭᠠᠷ ᠲᠤᠮᠳᠠᠳᠤ ᠰᠤᠷᠭᠠᠭᠤᠯᠢ ᠭᠡᠵᠤ ᠨᠡᠷᠡᠯᠡᠭᠳᠡᠵᠦ ᠪᠠᠶᠢᠪᠠ ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠩᠬᠠᠳᠠᠭᠴᠢ ᠭᠤᠤᠯᠳᠠᠯᠭᠠᠳᠤ ᠰᠤᠷᠭᠠᠭᠤᠯᠢ ᠤᠳ ᠤᠨ ᠨᠢᠭᠡ ᠪᠤᠯᠬᠤ ᠪᠦᠭᠡᠳ 2010 ᠣᠨ ᠤ 3 ᠳ᠋ᠤᠭᠠᠷ ᠰᠠᠷ᠎ᠠ  ᠳᠤ ᠦᠪᠡᠷᠳᠡᠭᠡᠨ ᠵᠠᠰᠠᠬᠤ ᠤᠷᠤᠨ ᠤ ᠰᠢᠯᠢᠳᠡᠭ ᠲᠡᠭᠡᠳᠤ ᠲᠡᠰ ᠤᠨ ᠲᠡᠭᠡᠳᠤ ᠲᠤᠮᠳᠠᠳᠤ  ᠪᠠᠷ ᠦᠨᠡᠯᠡᠭᠳᠡᠪᠡ ᠃ ᠰᠤᠷᠭᠠᠭᠤᠯᠢ  ᠨᠢ ᠬᠢᠶ᠎ᠠ ᠪᠠᠭᠰᠢ ᠰᠢᠨ᠎ᠠ ᠲᠤᠭᠤᠷᠢᠭ ᠤᠨ ᠵᠠᠰᠠᠭ ᠤᠨ ᠤᠷᠳᠤᠨ ᠤ ᠬᠤᠶᠢᠳᠤ ᠵᠠᠮ  ᠳᠤ ᠪᠠᠶᠢᠷᠢᠯᠠᠵᠤ ᠂ ᠰᠤᠷᠭᠠᠭᠤᠯᠢ ᠵᠢᠨ ᠬᠦᠷᠢᠶᠡᠨ ᠤ ᠶᠡᠷᠦᠩᠭᠡᠢ ᠲᠠᠯᠠᠪᠠᠢ 324 ᠮᠤ ᠂ ᠪᠠᠷᠢᠯᠭ᠎ᠠ ᠵᠢᠨ ᠲᠠᠯᠠᠪᠠᠢ  ᠨᠢ 13.85 ᠲᠦᠮᠠᠨ ᠲᠡᠭᠰᠢ ᠲᠦᠷᠪᠡᠯᠵᠢᠨ ᠮᠧᠲ᠋ᠷ ᠭᠠᠵᠠᠷ  ᠢ ᠡᠵᠡᠯᠡᠵᠤ ᠪᠤᠢ ᠃ ᠰᠤᠷᠭᠠᠭᠤᠯᠢ ᠡᠷᠬᠢᠯᠡᠬᠦ ᠨᠦᠬᠦᠴᠡᠯ ᠤᠨ ᠲᠠᠯ᠎ᠠ  ᠪᠠᠷ ᠰᠤᠷᠭᠠᠭᠤᠯᠢ ᠵᠢᠨ ᠲᠤᠭᠤᠷᠢᠭ ᠤᠨ ᠡᠵᠡᠯᠡᠵᠤ ᠪᠠᠶᠢᠭ᠎ᠠ ᠭᠠᠵᠠᠷ ᠪᠠ ᠲᠦᠯᠦᠪᠵᠢᠬᠦᠯᠭᠡ ᠂ ᠪᠠᠶᠢᠷᠢ ᠵᠢᠨ ᠪᠠᠷᠢᠯᠭ᠎ᠠ ᠵᠢᠴᠢ ᠬᠠᠷᠢᠶᠠᠯᠠᠭᠳᠠᠬᠤ ᠲᠦᠬᠦᠭᠡᠷᠦᠮᠵᠢ ᠂ ᠪᠠᠶᠢᠩᠭᠤ ᠵᠢᠨ ᠪᠦᠷᠢᠨ ᠭᠡᠷᠡᠭᠯᠡᠬᠦ ᠵᠢᠭᠠᠨ ᠰᠤᠷᠭᠠᠬᠤ ᠲᠤᠨᠤᠭ ᠲᠦᠬᠦᠭᠡᠷᠦᠮᠵᠢ ᠂ ᠬᠢᠴᠢᠶᠡᠯ ᠲᠦᠷᠦᠯ ᠤᠨ ᠰᠤᠷᠤᠯᠴᠠᠬᠤ ᠭᠡᠪᠴᠢᠶᠡᠨ  ᠳᠤ ᠲᠤᠰᠬᠠᠢ ᠭᠡᠷᠡᠭᠯᠡᠬᠦ ᠵᠢᠭᠠᠨ ᠰᠤᠷᠭᠠᠬᠤ ᠲᠤᠨᠤᠭ ᠲᠦᠬᠦᠭᠡᠷᠦᠮᠵᠢ ᠂ ᠤᠳᠤᠬᠢᠴᠢᠯᠠᠭᠰᠠᠨ ᠰᠤᠷᠭᠠᠨ ᠬᠦᠮᠦᠵᠢᠯ ᠤᠨ ᠮᠡᠷᠭᠡᠵᠢᠯ ᠤᠨ ᠲᠤᠨᠤᠭ ᠲᠦᠬᠦᠭᠡᠷᠦᠮᠵᠢ ᠂ ᠨᠤᠮ ᠤᠨ ᠰᠠᠩ ᠤᠨ ᠲᠤᠨᠤᠭ ᠲᠦᠬᠦᠭᠡᠷᠦᠮᠵᠢ ᠂ ᠠᠯᠪᠠᠨ ᠵᠢᠴᠢ ᠠᠮᠢᠳᠤᠷᠠᠯ ᠤᠨ ᠲᠤᠨᠤᠭ ᠲᠦᠬᠦᠭᠡᠷᠦᠮᠵᠢ ᠴᠦᠮ ᠤᠷᠤᠨ ᠤ ᠲᠤᠳᠤᠷ᠎ᠠ ᠭᠠᠳᠠᠨᠠᠬᠢ ᠨᠢᠭᠡᠳᠤᠭᠡᠷ ᠪᠠᠷᠢᠮᠵᠢᠶᠠᠨ  ᠳᠤ ᠬᠦᠷᠦᠭᠰᠡᠨ ᠪᠠᠶᠢᠨ᠎ᠠ ᠃ ᠡᠬᠦᠨ  ᠳᠤ ᠲᠤᠷᠰᠢᠯᠳᠠ ᠵᠢᠨ ᠠᠰᠠᠷ ᠂ ᠤᠷᠠᠯᠢᠭ ᠤᠨ ᠠᠰᠠᠷ ᠪᠠ ᠲᠠᠮᠢᠷ ᠤᠨ ᠤᠷᠳᠤᠨ ᠤ ᠲᠤᠨᠤᠭ ᠲᠦᠬᠦᠭᠡᠷᠦᠮᠵᠢ  ᠨᠢ ᠲᠡᠷᠢᠬᠦᠨ ᠤ ᠮᠦᠷᠳᠡᠭᠡᠨ ᠴᠢᠳᠠᠪᠤᠷᠢ ᠪᠦᠷᠢᠨ ᠪᠠᠶᠢᠭ᠎ᠠ ᠃ ᠲᠤᠷᠰᠢᠯᠳᠠ ᠵᠢᠨ ᠠᠰᠠᠷ ᠲᠣ ᠹᠢᠽᠢᠺ ᠬᠢᠮᠢ ᠠᠮᠢᠳᠤ ᠪᠣᠳᠠᠰ ᠤᠨ ᠬᠠᠶᠢᠨ ᠰᠤᠳᠤᠯᠬᠤ ᠲᠤᠷᠰᠢᠯᠳᠠ ᠵᠢᠨ ᠲᠠᠰᠤᠭ ᠂ ᠰᠢᠨᠵᠢᠯᠡᠬᠦ ᠤᠬᠠᠭᠠᠨ ᠤ ᠲᠤᠷᠰᠢᠯᠳᠠ ᠵᠢᠨ ᠲᠠᠰᠤᠭ ᠂ ᠲᠤᠮᠳᠠᠳᠤ ᠰᠤᠷᠭᠠᠭᠤᠯᠢ ᠵᠢᠨ ᠬᠠᠶᠢᠨ ᠰᠤᠳᠤᠯᠬᠤ ᠲᠤᠷᠰᠢᠯᠳᠠ ᠵᠢᠨ ᠲᠠᠰᠤᠭ ᠂ ᠨᠠᠶᠢᠳᠡᠮᠵᠢᠯ ᠮᠡᠷᠭᠡᠵᠢᠯ ᠤᠨ ᠲᠤᠷᠰᠢᠯᠳᠠ ᠵᠢᠨ ᠲᠠᠰᠤᠭ  ᠢ ᠲᠤᠬᠢᠷᠠᠭᠤᠯᠵᠠᠢ ᠃ ᠤᠷᠠᠯᠢᠭ ᠤᠨ ᠠᠰᠠᠷ ᠲᠣ ᠬᠦᠭᠵᠢᠮ ᠤᠨ ᠬᠡᠷᠡᠭᠰᠡᠯ ᠤᠨ ᠲᠠᠰᠤᠭ ᠂ ᠲᠤᠭᠯᠠᠯᠳᠠ ᠵᠢᠨ ᠲᠢᠩᠬᠢᠮ ᠂ ᠪᠡᠶ᠎ᠡ ᠲᠦᠷᠬᠦ ᠵᠢᠨ ᠪᠤᠯᠪᠠᠰᠤᠷᠠᠯ ᠤᠨ ᠲᠠᠰᠤᠭ ᠂ ᠲᠤᠭᠯᠠᠯᠳᠠ ᠪᠤᠯᠪᠠᠰᠤᠷᠠᠬᠤ ᠲᠠᠰᠤᠭ ᠪᠠ ᠶᠡᠭᠡ ᠪᠠᠭ᠎ᠠ 19 ᠬᠦᠭᠵᠢᠮ ᠤᠨ ᠭᠡᠷ ᠲᠤᠬᠢᠷᠠᠭᠤᠯᠤᠭᠰᠠᠨ ᠪᠠᠶᠢᠭ᠎ᠠ ᠃ ᠲᠠᠮᠢᠷ ᠤᠨ ᠤᠷᠳᠤᠨ ᠤ ᠨᠢᠭᠡᠳᠤᠭᠡᠷ ᠠᠰᠠᠷ ᠲᠣ ᠲᠠᠯᠡᠭᠡᠢ ᠵᠢᠨ ᠪᠠᠷᠢᠮᠵᠢᠶᠠᠨ ᠤ ᠰᠠᠭᠰᠤᠨ ᠪᠦᠮᠪᠦᠭᠡ ᠵᠢᠨ ᠤᠷᠳᠤᠨ ᠭᠠᠷᠭᠠᠵᠤ ᠂ ᠬᠤᠶᠠᠳᠤᠭᠠᠷ ᠠᠰᠠᠷ ᠲᠣ ᠠᠯᠠᠭᠠᠳᠠᠬᠤ ᠪᠦᠮᠪᠦᠭᠡ ᠂ ᠦᠳᠦᠨ ᠪᠦᠮᠪᠦᠭᠡ ᠂ ᠲᠡᠪᠡᠭ ᠂ ᠪᠦᠭᠡ ᠂ ᠰᠤᠷ ᠬᠠᠷᠪᠤᠯᠳᠠ ᠂ ᠫᠢᠩᠫᠠᠩ ᠪᠦᠮᠪᠦᠭᠡᠨ ᠪᠤᠯᠪᠠᠰᠤᠷᠠᠯ ᠪᠠ ᠤᠷᠤᠯᠳᠤᠭᠠᠨ ᠤ ᠲᠠᠯᠠᠪᠠᠢ ᠲᠤᠬᠢᠷᠠᠭᠤᠯᠤᠨ ᠂ ᠠᠰᠠᠷ ᠲᠤᠤᠷ᠎ᠠ  ᠨᠢ ᠤᠮᠪᠠᠯᠳᠠ ᠵᠢᠨ ᠤᠷᠳᠤᠨ ᠭᠠᠷᠭᠠᠵᠠᠢ ᠃ ᠤᠷᠳᠤᠰ ᠬᠤᠳᠠ ᠵᠢᠨ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠪᠤᠯ ᠨᠢᠭᠡᠨ ᠰᠠᠭᠤᠷᠢ ᠮᠤᠩᠭᠤᠯ ᠭᠡᠯᠡ  ᠪᠠᠷ ᠬᠢᠴᠢᠶᠡᠯᠯᠡᠳᠡᠭ ᠪᠦᠷᠢᠨ ᠲᠤᠮᠳᠠᠳᠤ ᠰᠤᠷᠭᠠᠭᠤᠯᠢ ᠪᠤᠯᠤᠨ᠎ᠠ ᠃ ᠤᠳᠤ ᠲᠡᠭᠡᠳᠤ ᠲᠤᠮᠳᠠᠳᠤ 23 ᠠᠩᠬᠢ ᠂ ᠠᠩᠬ᠎ᠠ ᠲᠠᠤᠮᠳᠠᠳᠤ 7 ᠠᠩᠬᠢ ᠂ ᠨᠡᠶᠢᠳᠡ 1029 ᠰᠤᠷᠤᠭᠴᠢ  ᠲᠠᠢ ᠪᠠᠶᠢᠵᠤ ᠂ ᠦᠨᠳᠦᠰᠦᠨ  ᠳᠤ  ᠪᠠᠨ ᠠᠩᠬᠢ ᠵᠢᠨ ᠰᠤᠷᠤᠭᠴᠢ ᠵᠢᠨ ᠲᠤᠭ᠎ᠠ ᠵᠢ ᠴᠦᠭᠡᠳᠭᠡᠬᠦ ᠬᠠᠮᠢᠶᠠᠷᠤᠯᠳᠠ ᠵᠢ ᠪᠡᠶᠡᠯᠡᠬᠦᠯᠵᠡᠢ ᠃ ᠨᠠᠶᠢᠳᠠ 183 ᠪᠠᠭᠰᠢ ᠠᠵᠢᠯᠳᠠᠨ  ᠲᠠᠢ ᠪᠠᠶᠢᠵᠤ ᠂ ᠡᠬᠦᠨ  ᠳᠤ ᠲᠡᠭᠡᠳᠤ ᠲᠡᠰ ᠤᠨ ᠪᠠᠭᠰᠢ 79 ᠂ ᠤᠨᠴᠠ ᠲᠡᠰ ᠤᠨ ᠪᠠᠭᠰᠢ 5 ᠂ ᠤᠯᠤᠰ ᠤᠨ ᠲᠡᠰ ᠤᠨ ᠰᠢᠯᠢᠳᠡᠭ ᠪᠠᠭᠰᠢ 2 ᠂ ᠤᠷᠤᠨ ᠤ ᠲᠡᠰ ᠤᠨ ᠰᠢᠯᠢᠳᠡᠭ ᠪᠠᠭᠰᠢ 6 ᠂ ᠤᠯᠤᠰ ᠤᠨ ᠲᠡᠰ ᠤᠨ 《 ᠲᠡᠪᠤᠨ ᠰᠠᠷ᠎ᠠ ᠵᠢᠨ ᠨᠢᠭᠡᠨ ᠤ ᠬᠦᠳᠡᠯᠮᠤᠷᠢ ᠵᠢᠨ ᠱᠠᠩᠨᠠᠯ 》 ᠬᠦᠷᠳᠡᠭᠴᠢ 1 ᠂ ᠤᠷᠤᠨ ᠤ ᠲᠡᠰ ᠤᠨ《 ᠲᠡᠪᠤᠨ ᠰᠠᠷ᠎ᠠ ᠵᠢᠨ ᠨᠢᠭᠡᠨ ᠤ ᠬᠦᠳᠡᠯᠮᠤᠷᠢ ᠵᠢᠨ ᠱᠠᠩᠨᠠᠯ 》 ᠬᠦᠷᠳᠡᠭᠴᠢ 2 ᠂ ᠤᠷᠤᠨ ᠤ ᠲᠡᠰ ᠤᠨ ᠬᠢᠴᠢᠶᠡᠯ ᠲᠦᠷᠦᠯ ᠤᠨ ᠲᠠᠭᠠᠭᠤᠯᠤᠭᠴᠢ 5 ᠂ ᠵᠢᠭᠠᠨ ᠰᠤᠷᠭᠠᠬᠤ ᠴᠢᠳᠠᠪᠤᠷᠢᠳᠠᠨ 6 ᠂ ᠤᠷᠤᠨ ᠤ ᠲᠡᠰ ᠤᠨ ᠰᠢᠯᠢᠳᠡᠭ ᠬᠢᠴᠢᠶᠡᠯᠯᠡᠭᠴᠢ ᠵᠢᠴᠢ ᠦᠨᠳᠦᠰᠦᠨ ᠴᠢᠳᠠᠪᠤᠷᠢ ᠵᠢᠨ ᠤᠷᠤᠯᠳᠤᠭᠠᠨ  ᠳᠤ ᠱᠠᠩᠨᠠᠯ ᠬᠦᠷᠳᠡᠭᠴᠢ ᠵᠠᠯᠠᠭᠤ ᠪᠠᠭᠰᠢ 14 ᠂ ᠬᠤᠳᠠ ᠵᠢᠨ ᠲᠡᠰ ᠤᠨ ᠬᠢᠴᠢᠶᠡᠯ ᠲᠦᠷᠦᠯ ᠤᠨ ᠲᠠᠭᠠᠭᠤᠯᠤᠭᠴᠢ ᠂ ᠵᠢᠭᠠᠨ ᠰᠤᠷᠭᠠᠬᠤ ᠴᠢᠳᠠᠪᠤᠷᠢᠳᠠᠨ 41 ᠂ ᠤᠷᠤᠨ ᠤ ᠲᠡᠰ ᠪᠠ ᠬᠤᠳᠠ ᠵᠢᠨ ᠲᠡᠰ ᠤᠨ《 ᠲᠡᠷᠢᠬᠦᠨ ᠤ ᠠᠩᠬᠢ ᠨᠢᠭᠡᠴᠢ 》 ᠵᠢᠨ ᠱᠠᠩᠨᠠᠯ ᠬᠦᠷᠳᠡᠭᠰᠡᠨ ᠠᠩᠬᠢ ᠵᠢᠨ ᠡᠷᠬᠢᠯᠡᠭᠴᠢ 33 ᠬᠦᠮᠦᠨ ᠤᠳᠠᠭ᠎ᠠ ᠪᠠᠶᠢᠵᠤ ᠂ ᠡᠯ᠎ᠡ ᠬᠢᠴᠢᠶᠡᠯ ᠲᠦᠷᠦᠯ ᠤᠨ ᠤᠯᠠᠨ ᠪᠠᠭᠰᠢ ᠪᠦᠬᠦ ᠤᠯᠤᠰ ᠤᠨ ᠮᠤᠩᠭᠤᠯ ᠬᠢᠴᠢᠶᠡᠯ ᠤᠨ  ᠪᠢᠴᠢᠭ  ᠢ ᠬᠢᠨᠠᠨ ᠨᠠᠶᠢᠷᠠᠭᠤᠯᠬᠤ ᠠᠵᠢᠯ  ᠳᠤ ᠤᠷᠤᠯᠴᠠᠵᠠᠢ ᠃ ᠤᠷᠳᠤᠰ ᠬᠤᠳᠠ ᠵᠢᠨ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠲᠠᠪᠢ ᠭᠠᠷᠤᠢ ᠵᠢᠯ ᠤᠨ ᠬᠦᠭᠵᠢᠯᠳᠡ ᠵᠢᠨ ᠶᠠᠪᠤᠴᠠ  ᠳᠤ  ᠪᠠᠨ ᠰᠤᠷᠭᠠᠭᠤᠯᠢ ᠡᠷᠬᠢᠯᠡᠬᠦ ᠡᠯᠪᠡᠭ ᠪᠠᠶᠠᠯᠢᠭ ᠲᠤᠷᠰᠢᠯᠭ᠎ᠠ ᠵᠢ ᠬᠤᠷᠠᠮᠳᠤᠭᠤᠯᠵᠤ ᠂ ᠰᠤᠷᠭᠠᠭᠤᠯᠢ ᠡᠷᠬᠢᠯᠡᠬᠦ ᠠᠤᠭ᠎ᠠ ᠶᠡᠭᠡ ᠦᠷ᠎ᠡ ᠪᠦᠳᠦᠮᠵᠢ ᠵᠢ ᠤᠯᠤᠭᠰᠠᠨ ᠪᠦᠭᠡᠳ ᠤᠯᠤᠰ ᠲᠣ ᠡᠯ᠎ᠡ ᠦᠨᠳᠦᠰᠦᠳᠡᠨ ᠤ ᠴᠢᠳᠠᠪᠤᠷᠢᠳᠠᠨ ᠲᠦᠮᠡ ᠤᠷᠴᠢᠮ ᠬᠦᠮᠦᠨ   ᠢ ᠬᠦᠮᠦᠵᠢᠬᠦᠯᠤᠨ ᠂ ᠤᠷᠴᠢᠮ ᠤᠨ ᠲᠠᠪᠤᠨ ᠵᠢᠯ  ᠳᠤ ᠤᠯᠤᠰ ᠤᠨ ᠰᠢᠯᠭᠠᠯᠳᠠ ᠵᠢᠨ ᠵᠢᠩᠬᠢᠨᠢ ᠠᠩᠬᠢ  ᠳᠤ ᠲᠠᠪᠰᠢᠭᠰᠠᠨ ᠨᠤᠷᠮ᠎ᠠ 88 %  ᠡᠴᠡ ᠲᠡᠭᠡᠭᠰᠢᠬᠢ ᠵᠢ ᠪᠠᠳᠤᠯᠠᠵᠤ ᠂《 ᠦᠨᠳᠦᠰᠦᠳᠡᠨ ᠤ ᠴᠢᠳᠠᠪᠤᠷᠢᠳᠠᠨ ᠤ ᠦᠯᠦᠭᠡᠢ 》 ᠂ 《 ᠤᠷᠳᠤᠰ ᠤᠨ ᠦᠨᠳᠦᠰᠦᠳᠡᠨ ᠤ ᠰᠤᠷᠭᠠᠨ ᠬᠦᠮᠦᠵᠢᠯ ᠤᠨ ᠴᠡᠴᠡᠭ 》 ᠭᠡᠵᠤ ᠴᠤᠯᠠᠯᠠᠭᠳᠠᠪᠠ ᠃ ᠤᠷᠴᠢᠮ ᠤᠨ ᠵᠢᠯ  ᠡᠴᠡ ᠰᠤᠷᠭᠠᠭᠤᠯᠢ  ᠡᠴᠡ《  ᠲᠡᠭᠷᠢᠯᠢᠭ ᠰᠡᠳᠬᠢᠬᠦᠢ ᠂ ᠲᠡᠯᠭᠡᠷ ᠬᠠᠷᠠᠭ᠎ᠠ 》 ᠭᠡᠬᠦ ᠰᠤᠷᠭᠠᠭᠤᠯᠢ ᠡᠷᠬᠢᠯᠡᠬᠦ ᠤᠨᠤᠯᠵᠢᠬᠤᠨ   ᠢ ᠪᠠᠷᠢᠮᠳᠠᠯᠠᠨ ᠂《 ᠪᠡᠶ᠎ᠡ ᠰᠡᠳᠬᠢᠴᠡ ᠡᠷᠡᠬᠦᠯ ᠂ ᠶᠤᠰᠤ ᠮᠤᠷᠠᠯ ᠰᠢᠯᠢᠳᠡᠭ ᠂ ᠪᠠᠳᠤ ᠰᠠᠭᠤᠷᠢ  ᠲᠠᠢ ᠂ ᠢᠯᠡᠷᠭᠡᠢ ᠠᠪᠢᠶᠠᠰ  ᠲᠠᠢ 》 ᠰᠢᠨ᠎ᠡ ᠨᠢᠭᠡᠨ ᠦᠶ᠎ᠡ ᠵᠢᠨ ᠬᠦᠮᠦᠨ   ᠢ ᠬᠦᠮᠦᠵᠢᠬᠦᠯᠬᠦ  ᠪᠠᠷ ᠬᠠᠷᠠᠯᠳᠠ ᠪᠤᠯᠭᠠᠵᠤ ᠂ ᠰᠤᠷᠭᠠᠭᠤᠯᠢ ᠡᠷᠬᠢᠯᠡᠬᠦ ᠤᠨᠴᠠᠯᠢᠭ ᠵᠢᠡᠨ ᠵᠦᠪ ᠰᠤᠩᠭᠤᠨ ᠂ ᠨᠡᠷᠡᠳᠤ ᠰᠤᠷᠭᠠᠭᠤᠯᠢ ᠵᠢ ᠡᠬᠦᠳᠬᠦ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠵᠢ ᠴᠢᠩᠭᠠᠳᠬᠠᠵᠤ ᠂ ᠢᠯᠡ ᠲᠤᠳᠤ ᠤᠨᠴᠠᠯᠢᠭ ᠪᠦᠬᠦᠢ ᠤᠳᠤᠬᠢᠴᠢᠯᠠᠭᠰᠠᠨ ᠦᠨᠳᠦᠰᠦᠳᠡᠨ ᠤ ᠲᠤᠮᠳᠠᠳᠤ ᠰᠤᠷᠭᠠᠭᠤᠯᠢ ᠵᠢ ᠪᠦᠳᠦᠭᠡᠨ ᠪᠠᠶᠢᠭᠤᠯᠬᠤ  ᠳᠤ ᠬᠦᠴᠦᠨ ᠵᠢᠡᠨ ᠡᠷᠬᠦᠵᠤ ᠪᠠᠶᠢᠨ᠎ᠠ ᠃

(ᠤᠩᠰᠢᠭᠰᠠᠨ ᠤᠳᠠᠭ᠎ᠠ: 6,583 ᠤᠳᠠᠭ᠎ᠠ)