Menu

ᠳᠡᠭᠡᠳ᠋ᠦ ᠭᠤᠷᠪᠠ ᠶᠢᠨ ᠰᠤᠷᠤᠭᠴᠢᠳ ᠲᠦ ᠠᠩᠭ᠍ᠯᠢ ᠬᠡᠯᠡᠨ ᠦ ᠰᠢᠯᠭᠠᠯᠲᠠ ᠬᠠᠷᠢᠭᠤᠯᠬᠤ ᠠᠷᠭ᠎᠎ᠠ ᠶᠢᠨ ᠲᠣᠬᠠᠢ ᠵᠢᠯᠤᠭᠤᠳ᠋ᠤᠯᠭ᠎᠎ᠠ ᠬᠢᠪᠡ

2019-04-03 / admin

(ᠤᠩᠰᠢᠭᠰᠠᠨ ᠤᠳᠠᠭ᠎ᠠ: 38 ᠤᠳᠠᠭ᠎ᠠ)

2019 ᠣᠨ ᠦ 3 ᠳ᠋ᠤᠭᠠᠷ ᠰᠠᠷ᠎ᠠ ᠶᠢᠨ 27 ᠦ ᠦᠳ᠋ᠡᠰᠢ ᠶᠢᠨ ᠲᠠᠪᠳ᠋ᠠᠯᠭᠠᠨ ᠲᠡᠭᠡᠷ᠎ᠡ ᠳᠡᠭᠡᠳ᠋ᠦ ᠭᠤᠷᠪᠠ ᠶᠢᠨ ᠠᠩᠭ᠍ᠯᠢ ᠬᠡᠯᠡᠨ ᠦ ᠬᠢᠴᠢᠶᠠᠯ ᠪᠡᠯᠡᠳᠭᠡᠬᠦ ᠳᠤᠭᠤᠢᠯᠠᠩ ᠠ᠋ᠴᠠ ᠠᠩᠭ᠍ᠯᠢ ᠬᠡᠯᠡᠨ ᠦ ᠬᠢᠴᠢᠶᠠᠯ ᠲᠦᠷᠦᠯ ᠦᠨ ᠳᠤᠭᠤᠢᠯᠠᠩ ᠤᠨ ᠳᠠᠷᠤᠭ᠎᠎ᠠ ᠬᠠᠰᠲᠤᠶᠠᠭ᠎᠎ᠠ ᠪᠠᠭᠰᠢ ᠶᠢ ᠤᠷᠢᠵᠤ ᠂ ᠳᠡᠭᠡᠳ᠋ᠦ ᠭᠤᠷᠪᠠ ᠶᠢᠨ ᠪᠦᠬᠦ ᠰᠤᠷᠤᠭᠴᠢᠳ ᠲᠦ ︽ ᠰᠡᠳ᠋ᠤᠪ ᠬᠠᠷᠢᠭᠤᠯᠬᠤ ᠳᠤᠮᠲᠠ ᠠᠩᠬᠠᠷᠬᠤ ᠵᠦ᠋ᠢᠯᠡᠰ ᠵᠢᠴᠢ ᠰᠡᠳ᠋ᠦᠪ ᠬᠠᠷᠢᠭᠤᠯᠬᠤ ᠠᠷᠭ᠎᠎ᠠ ︾ ᠭᠡᠬᠦ ᠲᠤᠰᠬᠠᠢ ᠰᠡᠳ᠋ᠤᠪᠲᠤ ᠵᠢᠯᠤᠭᠤᠳ᠋ᠤᠯᠭ᠎᠎ᠠ ᠬᠢᠯᠭᠡᠪᠠ ᠃

ᠬᠠᠰᠲᠤᠶᠠᠭ᠎᠎ᠠ ᠪᠠᠬᠰᠢ ᠠ᠋ᠴᠠ ᠦᠭᠦᠯᠡᠪᠥᠷᠢ ᠶᠢᠨ ᠡᠬᠢᠨ ᠦ ᠦᠭᠡ ᠶᠢᠨ ᠶᠠᠬᠡ ᠪᠠᠭ᠎᠎ᠠ ᠪᠢᠴᠢᠯᠭᠡ ᠶᠢ ᠠᠩᠬᠠᠷᠬᠤ ᠦᠭᠡᠢ ᠪᠠᠶᠢᠬᠤ ᠂ ᠲᠠᠰᠢᠶ᠎᠎ᠠ ᠪᠢᠴᠢᠬᠦ ᠂ ᠬᠡᠯᠡᠨ ᠵᠦᠢ ᠶᠢᠨ ᠲᠠᠯ᠎ᠠ ᠶᠢᠨ  ᠂ ᠬᠠᠭᠤᠳ᠋ᠠᠰᠤ ᠶᠢᠨ ᠴᠡᠪᠡᠷ ᠲᠡᠭᠰᠢ ᠶᠢᠨ ᠬᠡᠮᠵᠢᠶ᠎᠎ᠠ ᠂ ᠪᠢᠴᠢᠯᠭᠡ ᠳᠦ᠋ᠷᠢᠮᠵᠢᠬᠦᠨ ᠪᠤᠰᠤ ᠪᠠᠶᠢᠬᠤ ᠵᠡᠷᠭᠡ ᠲᠠᠯ᠎ᠠ ᠠ᠋ᠴᠠ ᠰᠤᠷᠤᠭᠴᠢ ᠶᠢᠨ ᠰᠢᠯᠭᠠᠯᠲᠠ ᠬᠠᠷᠢᠭᠤᠯᠬᠤ ᠳ᠋ᠤ ᠣᠷᠤᠰᠢᠵᠤ ᠪᠠᠶᠢᠭ᠎ᠠ ᠠᠰᠠᠭᠤᠳ᠋ᠠᠯ ᠳ᠋ᠦ ᠨᠠᠷᠢᠯᠢᠭ ᠵᠠᠳ᠋ᠠᠯᠤᠯᠲᠠ ᠬᠢᠭᠰᠡᠨ ᠮᠦᠷᠳᠡᠭᠡᠨ ᠬᠢᠴᠢᠶᠠᠯ ᠲᠦᠷᠦᠯ ᠦᠨ ᠣᠨᠴᠠᠯᠢᠭ ᠲᠡᠢ ᠤᠶᠠᠯᠳ᠋ᠤᠭᠤᠯᠤᠨ ᠰᠡᠳ᠋ᠤᠪ ᠬᠠᠷᠢᠭᠤᠯᠬᠤ ᠠᠷᠭ᠎᠎ᠠ ᠶᠢᠨ ᠲᠠᠯ᠎ᠠ ᠶᠢᠨ ᠵᠢᠯᠤᠭᠤᠳ᠋ᠤᠯᠭ᠎᠎ᠠ ᠬᠢᠵᠡᠢ ᠃

ᠲᠤᠰ ᠤᠳ᠋ᠠᠭᠠᠨ ᠦ ᠲᠤᠰᠬᠠᠢ ᠵᠢᠯᠤᠭᠤᠳ᠋ᠤᠯᠭ᠎᠎ᠠ ᠨᠢ ᠰᠤᠷᠤᠭᠴᠢᠳ ᠤᠨ ᠠᠩᠭ᠍ᠯᠢ ᠬᠡᠯᠡᠨ ᠦ ᠰᠤᠷᠤᠯᠴᠠᠯᠭ᠎᠎ᠠ ᠬᠢᠭᠡᠳ ᠰᠢᠯᠭᠠᠯᠲᠠ ᠬᠠᠷᠢᠭᠤᠯᠬᠤ ᠲᠠᠯ᠎ᠠ ᠳ᠋ᠤ ᠪᠦᠷ ᠶᠡᠭᠡᠭᠡᠨ ᠲᠡᠮᠵᠢᠯᠭᠡ ᠦᠵᠡᠬᠦᠯᠦᠭᠰᠡᠨ ᠪᠠᠶᠢᠨ᠎ᠠ ᠃