Menu

2019 ᠣᠨ ᠤ ᠳᠡᠭᠡᠳᠦ ᠭᠤᠷᠪᠠ ᠶᠢᠨ ᠨᠢᠭᠡᠳᠦᠭᠡᠷ ᠰᠣᠷᠢᠯᠲᠠ ᠶᠢᠨ ᠵᠠᠳᠠᠯᠤᠯᠲᠠ ᠬᠢᠭᠡᠳ ᠬᠣᠶᠠᠳᠤᠭᠠᠷ ᠡᠭᠡᠯᠵᠢ ᠶᠢᠨ ᠳᠠᠪᠲᠠᠯᠭ᠎ᠠ ᠶᠢᠨ ᠲᠤᠬᠠᠢ ᠰᠤᠳᠤᠯᠤᠨ ᠶᠠᠷᠢᠯᠴᠠᠬᠤ ᠬᠤᠷᠠᠯ ᠠᠮᠵᠢᠯᠲᠠ  ᠲᠠᠢ ᠦᠨᠳᠦᠷᠯᠡᠪᠡ

2019-03-20 / admin

(ᠤᠩᠰᠢᠭᠰᠠᠨ ᠤᠳᠠᠭ᠎ᠠ: 52 ᠤᠳᠠᠭ᠎ᠠ)

2019 ᠣᠨ ᠤ ᠳᠡᠭᠡᠳᠦ ᠭᠤᠷᠪᠠ ᠶᠢᠨ ᠨᠢᠭᠡᠳᠦᠯᠲᠡᠢ ᠰᠣᠷᠢᠯᠲᠠ ᠳᠤ ᠣᠷᠤᠰᠢᠵᠤ ᠪᠠᠶᠢᠭ᠎ᠠ ᠠᠰᠠᠭᠤᠳᠠᠯ ᠢ ᠨᠠᠷᠢᠯᠢᠭ ᠵᠠᠳᠠᠯᠤᠨ ᠶᠠᠷᠢᠯᠴᠠᠬᠤ ᠶᠢᠨ ᠬᠠᠮᠲᠤ ᠬᠣᠶᠠᠳᠤᠭᠠᠷ ᠡᠭᠡᠯᠵᠢ ᠶᠢᠨ ᠳᠠᠪᠳᠠᠯᠭ᠎ᠠ ᠶᠢᠨ ᠴᠢᠨᠠᠷ ᠴᠢᠨᠰᠠᠭ᠎ᠠ ᠶᠢ ᠳᠡᠭᠡᠭᠰᠢᠯᠡᠬᠦᠯᠬᠦ ᠶᠢᠨ ᠲᠦᠯᠦᠭᠡ 2019 ᠣᠨ ᠤ 3 ᠳ᠋ᠤᠭᠠᠷ ᠰᠠᠷ᠎ᠠ  ᠶᠢᠨ 16 ᠦ ᠡᠳᠤᠷ ᠣᠷᠳᠤᠰ ᠬᠣᠲᠠ ᠶᠢᠨ ᠰᠤᠷᠭᠠᠨ ᠬᠦᠮᠦᠵᠢᠯ ᠵᠢᠭᠠᠨ ᠰᠤᠷᠭᠠᠬᠤ ᠶᠢ ᠰᠤᠳᠤᠯᠬᠤ ᠲᠠᠰᠤᠭ ᠠᠴᠠ ᠬᠣᠲᠠ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠳᠤ ︽ 2019 ᠣᠨ ᠤ ᠳᠡᠭᠡᠳᠦ ᠭᠤᠷᠪᠠ ᠶᠢᠨ ᠨᠢᠭᠡᠳᠦᠭᠡᠷ ᠰᠣᠷᠢᠯᠲᠠ ᠶᠢᠨ ᠵᠠᠳᠠᠯᠤᠯᠲᠠ ᠬᠢᠭᠡᠳ ᠬᠣᠶᠠᠳᠤᠭᠠᠷ ᠡᠭᠡᠯᠵᠢ ᠶᠢᠨ ᠳᠠᠪᠲᠠᠯᠭ᠎ᠠ ᠶᠢᠨ ᠲᠤᠬᠠᠢ ᠰᠤᠳᠤᠯᠤᠨ ᠶᠠᠷᠢᠯᠴᠠᠬᠤ ᠬᠤᠷᠠᠯ ︾ ᠢ ᠡᠷᠬᠢᠯᠡᠨ ᠶᠠᠪᠤᠭᠳᠠᠭᠤᠯᠤᠭᠰᠠᠨ ᠪᠠᠶᠢᠨ᠎ᠠ ᠃

ᠬᠤᠷᠠᠯ ᠳᠤ ᠮᠠᠨ ᠤ ᠰᠤᠷᠭᠠᠭᠤᠯᠢ ᠶᠢᠨ ᠳᠡᠭᠡᠳᠤ ᠭᠤᠷᠪᠠ ᠶᠢᠨ ᠲᠣᠭ᠎ᠠ ᠂ ᠹᠢᠽᠢᠺ ᠂ ᠬᠢᠮᠢ ᠂ ᠠᠮᠢᠳᠤ ᠪᠤᠳᠠᠰ ᠂ ᠲᠡᠦᠭᠡ ᠂ ᠭᠠᠵᠠᠷ ᠵᠦᠢ ᠂ ᠤᠯᠤᠰ ᠲᠦᠷᠦ ᠂ ᠠᠩᠭ᠍ᠯᠢ ᠬᠡᠯᠡ ᠵᠡᠷᠭᠡ ᠬᠢᠴᠢᠶᠠᠯ ᠲᠦᠷᠦᠯ ᠦᠨ ᠪᠦᠬᠦ ᠪᠠᠭᠰᠢ  ᠨᠠᠷ ᠣᠷᠤᠯᠴᠠᠵᠠᠢ ᠃ ᠬᠤᠷᠠᠯ ᠲᠡᠬᠡᠷ᠎ᠡ ᠪᠦᠬᠦ ᠤᠯᠤᠰ ᠤᠨ ᠨᠡᠷᠡᠲᠦ ᠰᠤᠷᠭᠠᠭᠤᠯᠢ  ᠶᠢᠨ ᠪᠠᠶᠠᠯᠢᠭ ᠲᠤᠷᠰᠢᠯᠭ᠎ᠠ  ᠲᠠᠢ ᠲᠤᠰᠬᠠᠢ ᠮᠡᠷᠭᠡᠵᠢᠯᠳᠡᠳ ᠡᠴᠡ ᠡᠯ᠎ᠠ ᠬᠢᠴᠢᠶᠠᠯ ᠲᠦᠷᠦᠯ ᠦᠨ ᠰᠢᠪᠳᠤᠯᠤᠯᠲᠠ ᠶᠢᠨ ᠭᠤᠷᠪᠠᠨ ᠰᠠᠷ᠎ᠠ ᠳᠤ ᠬᠡᠷᠬᠢᠨ ᠲᠠᠪᠳᠠᠬᠤ ᠂ ᠰᠤᠷᠤᠯᠴᠠᠯᠭ᠎ᠠ ᠶᠢᠨ ᠦᠷ᠎ᠡ ᠠᠰᠢᠭ ᠢ ᠬᠡᠷᠬᠢᠨ ᠲᠡᠬᠡᠭᠰᠢᠯᠡᠬᠦᠯᠬᠦ ᠲᠤᠬᠠᠢ ᠲᠤᠰᠬᠠᠢ ᠵᠢᠭᠠᠨ ᠵᠢᠯᠤᠭᠤᠳᠤᠯᠭ᠎ᠠ ᠬᠢᠵᠤ ᠂ ᠪᠠᠭᠰᠢ  ᠨᠠᠷ  ᠲᠠᠢ ᠦᠵᠡᠯ ᠪᠣᠳᠤᠯ ᠢᠶᠠᠨ ᠰᠣᠯᠢᠯᠴᠠᠨ ᠂ ᠲᠤᠯᠭᠠᠷᠠᠵᠤ ᠪᠠᠶᠢᠭ᠎ᠠ ᠠᠰᠠᠭᠤᠳᠠᠯ ᠳᠤ ᠠᠰᠢᠭᠯᠠᠭᠤᠰᠢᠲᠠᠢ ᠰᠠᠨᠠᠭᠤᠯᠤᠮᠵᠢ ᠦᠭᠬᠦᠭᠰᠡᠨ ᠪᠠᠶᠢᠨ᠎ᠠ ᠃