Menu

ᠠᠩᠬ᠎ᠠ ᠭᠤᠷᠪᠠ ᠶᠢᠨ ᠵᠠᠭᠤᠨ ᠡᠳᠦᠷ ᠤᠨ ᠲᠠᠶᠢᠴᠢᠯᠠᠯᠳᠠ

2019-03-20 / admin

(ᠤᠩᠰᠢᠭᠰᠠᠨ ᠤᠳᠠᠭ᠎ᠠ: 79 ᠤᠳᠠᠭ᠎ᠠ)

ᠰᠣᠷᠤᠭᠴᠢ  ᠨᠦᠭᠦᠳ ᠲᠤ ᠪᠡᠨ ᠬᠦᠴᠦ ᠨᠡᠮᠡᠵᠦ ᠤᠷᠮ᠎ᠠ ᠬᠠᠶᠢᠷᠠᠯᠠᠨ ᠂ ᠥᠪᠡᠷ ᠤᠨ ᠪᠡᠶ᠎ᠡ ᠵᠢ  ᠨᠢ ᠥᠪᠡᠷ ᠲᠤ  ᠨᠢ ᠲᠠᠨᠢᠭᠤᠯᠵᠦ ᠂ ᠢᠲᠡᠭᠡᠯ ᠵᠣᠷᠢᠭ ᠢ  ᠨᠢ ᠬᠥ᠍ᠪᠴᠢᠯᠡᠬᠦ ᠵᠢᠨ ᠲᠤᠰᠠᠳᠠ ᠣᠷᠳᠤᠰ ᠬᠣᠲᠠ ᠵᠢᠨ ᠮᠣᠩᠭᠤᠯ ᠦᠨᠳᠦᠰᠦᠲᠡᠨ ᠤ ᠳᠤᠮᠳᠠᠳᠦ ᠰᠤᠷᠭᠠᠭᠤᠯᠢ ᠵᠢᠨ ᠠᠩᠬ᠎ᠠ ᠳᠤᠮᠳᠠᠳᠤ ᠵᠢᠨ ᠲᠡᠭᠦᠰᠬᠦ ᠣᠨ ᠤ ᠵᠠᠭᠤᠨ ᠠᠳᠦᠷ ᠤᠨ ᠲᠠᠶᠢᠴᠢᠯᠠᠯᠳᠠ ᠵᠢᠨ ᠬᠤᠷᠠᠯ  ᠢ 2019 ᠣᠨ ᠤ 3 ᠰᠠᠷ᠎ᠠ ᠵᠢᠨ 15 ᠤ ᠦᠳᠡ ᠵᠢᠨ ᠠᠮᠦᠨᠡᠬᠢ 09 ᠄ 30  ᠲᠤ ︽ ᠲᠣᠷᠭᠠᠨ ᠵᠢᠯᠤᠭᠤ ︾ ᠠᠰᠠᠷ ᠲᠤ ᠦᠪᠡᠳᠡᠭᠰᠢ ᠶᠡᠬᠡ ᠪᠡᠷ ᠬᠢᠪᠡ ᠃

ᠬᠤᠷᠠᠯ  ᠨᠢ ᠲᠥ᠍ᠷᠦ ᠵᠢᠨ ᠬᠥᠭᠵᠢᠮ ᠬᠥᠭᠵᠢᠮᠳᠡᠬᠦ ᠂ ᠬᠢᠴᠢᠶᠡᠯᠯᠡᠭᠴᠢ ᠪᠠᠭᠰᠢ ᠵᠢᠨ ᠲᠥᠯᠦᠭᠡᠯᠡᠭᠴᠢ ᠡᠴᠡ ᠢᠯᠡᠳᠭᠡᠯ ᠬᠢᠬᠦ ᠂ ᠭᠡᠷ ᠤᠨ ᠠᠬᠠᠮᠠᠳ ᠤᠨ ᠲᠥᠯᠦᠭᠡᠯᠡᠭᠴᠢ ᠡᠴᠡ ᠶᠠᠷᠢᠶ᠎ᠠ ᠲᠠᠯᠪᠢᠬᠤ ᠂ ᠰᠤᠷᠤᠭᠴᠢ ᠵᠢᠨ ᠲᠥᠯᠦᠭᠡᠯᠡᠭᠴᠢ ᠡᠴᠡ ᠵᠣᠷᠢᠭ ᠵᠢᠡᠨ ᠢᠯᠡᠳᠭᠡᠬᠦ ᠂ ᠰᠤᠷᠭᠠᠭᠤᠯᠢ ᠵᠢᠨ ᠳᠡᠳ᠋ ᠵᠠᠬᠢᠷᠤᠯ ᠮᠦᠩᠬᠡᠳᠡᠯᠡᠢ ᠪᠠᠭᠰᠢ  ᠡᠴᠡ ᠶᠠᠷᠢᠶ᠎ᠠ ᠲᠠᠯᠪᠢᠬᠤ ᠂ᠪᠠᠭᠰᠢ ᠰᠤᠷᠤᠭᠴᠢᠳ ᠡᠴᠡ ᠲᠠᠩᠭᠠᠷᠢᠭᠯᠠᠬᠤ ᠂ ᠡᠵᠡᠨ ᠪᠣᠭᠳᠠ ᠵᠢᠨ ᠰᠤᠷᠭᠠᠯ ᠢ ᠡᠪᠦᠷᠯᠡᠨ ᠭᠠᠷ ᠤᠨ ᠦᠰᠦᠭ ᠵᠢᠷᠤᠬᠤ ᠵᠡᠷᠭᠡ ᠳᠣᠯᠤᠭᠠᠨ ᠶᠠᠪᠤᠴᠠ ᠪᠡᠷ ᠶᠠᠪᠤᠭᠳᠠᠵᠦ ᠂ ᠠᠩᠬ᠎ᠠ ᠭᠤᠷᠪᠠ ᠵᠢᠨ ᠰᠤᠷᠤᠭᠴᠢᠳ ᠤᠨ ᠢᠲᠡᠭᠡᠯ ᠵᠣᠷᠢᠭ  ᠢ ᠬᠦᠪᠴᠢᠯᠠᠨ ᠂ ᠲᠤᠮᠳᠠ ᠰᠢᠯᠭᠠᠯᠳᠠ  ᠡᠴᠡ ᠡᠮᠦᠨᠡᠬᠢ ᠵᠠᠭᠤᠨ ᠡᠳᠤᠷ  ᠤᠨ ᠠᠮᠢᠳᠤᠷᠠᠯ ᠰᠤᠷᠤᠯᠭ᠎ᠠ  ᠪᠠᠨ ᠭᠡᠷᠬᠢᠨ ᠲᠤᠬᠢᠷᠠᠭᠤᠯᠬᠤ ᠲᠤᠬᠠᠢ ᠵᠢᠯᠤᠭᠤᠳᠤᠯᠭ᠎ᠠ ᠪᠤᠯᠵᠠᠢ ᠃ ᠲᠤᠰ ᠤᠳᠠᠭᠠᠨ ᠤ ᠬᠤᠷᠠᠯ ᠵᠢᠡᠷ ᠳᠠᠮᠵᠢᠨ ᠠᠩᠬ᠎ᠠ ᠭᠤᠷᠪᠠ ᠵᠢᠨ ᠪᠠᠭᠰᠢ ᠰᠤᠷᠤᠭᠴᠢᠳ ᠳᠤᠮᠳᠠ ᠰᠢᠯᠭᠠᠯᠲᠠ ᠳᠤ ᠭᠡᠷᠬᠢᠨ ᠤᠷᠤᠯᠴᠠᠬᠤ ᠲᠤᠬᠠᠢ ᠨᠠᠩ ᠲᠤᠳᠤᠷᠬᠠᠢ ᠬᠠᠷᠠᠯᠳᠠ  ᠲᠠᠢ ᠪᠤᠯᠤᠭᠰᠠᠨ ᠪᠠᠶᠢᠨ᠎ᠠ ᠃