Menu

ᠳᠡᠭᠡᠳᠦ ᠭᠤᠷᠪᠠ ᠶᠢᠨ ᠰᠤᠷᠤᠭᠴᠢᠳ ᠲᠤ ᠤᠯᠤᠰ ᠲᠦᠷᠦ ᠂ ᠭᠠᠵᠠᠷ ᠵᠦᠢ ᠶᠢᠨ ᠰᠤᠷᠬᠤ ᠠᠷᠭ᠎ᠠ ᠶᠢᠨ ᠵᠢᠯᠤᠭᠤᠳᠤᠯᠭ᠎ᠠ ᠬᠢᠪᠡ

2019-03-12 / admin

(ᠤᠩᠰᠢᠭᠰᠠᠨ ᠤᠳᠠᠭ᠎ᠠ: 79 ᠤᠳᠠᠭ᠎ᠠ)

2019 ᠣᠨ ᠦ 3 ᠰᠠᠷ᠎ᠠ ᠶᠢᠨ 1 ᠦ ᠡᠳᠤᠷ ᠂ ᠳᠡᠭᠡᠳᠦ ᠭᠤᠷᠪᠠ ᠶᠢᠨ ᠣᠨ ᠤ ᠳᠤᠭᠤᠶᠢᠯᠠᠩ ᠤᠨ  ᠬᠢᠨ ᠭᠠᠵᠠᠷ ᠵᠦᠢ ᠶᠢᠨ ᠤᠷᠢᠬᠠᠨ ᠪᠠᠭᠰᠢ ᠶᠢ ᠤᠷᠢᠵᠤ ᠂ ᠨᠡᠶᠢᠭᠡᠮ ᠦᠨ ᠰᠢᠨᠵᠢᠯᠡᠭᠡᠨ ᠦ ᠠᠩᠭᠢ ᠶᠢᠨ ᠰᠤᠷᠤᠭᠴᠢᠳ ᠲᠤ ︽ ᠵᠢᠭᠤᠯᠴᠢᠯᠠᠯ ᠤᠨ ᠭᠠᠵᠠᠷ ᠵᠦᠢ ︾ ᠶᠢᠨ ᠠᠭᠤᠯᠭ᠎ᠠ ᠶᠢᠨ ᠲᠤᠰᠬᠠᠢ ᠰᠡᠳᠤᠪᠲᠦ ᠵᠢᠯᠤᠭᠤᠳᠤᠯᠭ᠎ᠠ ᠬᠢᠯᠭᠡᠪᠠ ᠃ ᠤᠷᠢᠬᠠᠨ ᠪᠠᠭᠰᠢ ᠠᠴᠠ ᠲᠤᠰ ᠠᠭᠤᠯᠭ᠎ᠠ ᠶᠢᠨ ᠮᠡᠳᠡᠯᠭᠡ ᠶᠢᠨ ᠴᠡᠭ ᠂ ᠭᠣᠣᠯᠳᠠᠯᠭ᠎ᠠ  ᠶᠢ ᠴᠡᠭᠴᠡᠯᠡᠨ ᠲᠠᠶᠢᠯᠪᠤᠷᠢᠯᠠᠬᠤ ᠶᠢᠨ ᠬᠠᠮᠳᠣ ᠬᠣᠶᠢᠰᠢᠳᠠ ᠶᠢᠨ ᠲᠠᠪᠳᠠᠯᠭ᠎ᠠ ᠶᠢᠨ ᠶᠠᠪᠤᠴᠠ ᠳ᠋ᠥ ᠶᠠᠭᠤ  ᠶᠢ ᠠᠩᠬᠠᠷᠬᠤ ᠂ ᠬᠡᠷᠬᠢᠨ ᠲᠠᠪᠳᠠᠯᠭ᠎ᠠ ᠬᠢᠭᠦ ᠲᠤᠬᠠᠢ ᠨᠢᠮᠪᠠᠢ ᠵᠢᠯᠤᠭᠤᠳᠤᠯᠭ᠎ᠠ ᠬᠢᠵᠤ ᠂ ᠵᠦᠢᠳᠡᠢ ᠰᠠᠶᠢᠬᠠᠨ ᠰᠠᠨᠠᠭᠤᠯᠤᠮᠵᠢ ᠦᠭᠬᠦᠭᠰᠡᠨ ᠪᠠᠶᠢᠨ᠎ᠠ ᠃

3 ᠰᠠᠷ᠎ᠠ ᠶᠢᠨ 6  ᠦ ᠡᠳᠤᠷ ᠂ ᠰᠦᠨ ᠴᠠᠩ ᠱᠸᠩ ᠪᠠᠭᠰᠢ ᠠᠴᠠ ᠳᠡᠭᠡᠳᠦ ᠭᠤᠷᠪᠠ ᠶᠢᠨ ᠨᠡᠶᠢᠭᠡᠮ ᠦᠨ ᠰᠢᠨᠵᠢᠯᠡᠭᠡᠨ ᠦ ᠠᠩᠭᠢ ᠶᠢᠨ ᠰᠤᠷᠤᠭᠴᠢᠳ ᠲᠤ ︽ ᠬᠤᠲᠠ ᠶᠢᠨ ᠨᠢᠭᠡᠳᠦᠭᠡᠷ ᠰᠣᠷᠢᠯᠲᠠ ︾ ᠳᠤ ᠵᠣᠷᠢᠭᠤᠯᠤᠭᠰᠠᠨ ᠤᠯᠤᠰ ᠲᠦᠷᠦ ᠶᠢᠨ ᠬᠢᠴᠢᠶᠡᠯ ᠦᠨ ᠰᠡᠳᠤᠪ ᠬᠠᠷᠢᠭᠤᠯᠬᠤ ᠠᠷᠭ᠎ᠠ ᠶᠢᠨ ᠲᠤᠬᠠᠢ ᠵᠢᠯᠤᠭᠤᠳᠤᠮᠵᠢ ᠬᠢᠵᠡᠢ ᠃ ᠠᠳᠠᠯᠢ ᠪᠤᠰᠤ ᠶᠢᠨ ᠬᠡᠯᠪᠡᠷᠢ ᠶᠢᠨ ᠰᠡᠳᠤᠪ ᠢ ᠬᠡᠷᠬᠢᠨ ᠰᠡᠳᠬᠢᠨ ᠂ ᠭᠡᠷᠬᠢᠨ ᠬᠠᠷᠢᠭᠤᠯᠬᠤ ᠂ ᠦᠬᠦᠯᠡᠬᠦ ᠰᠡᠳᠤᠪ ᠤᠨ ᠭᠣᠣᠯᠳᠠᠯᠭ᠎ᠠ ᠪᠠᠨ ᠬᠡᠷᠬᠢᠨ ᠠᠳᠬᠤᠬᠤ ᠮᠡᠲᠦ ᠣᠯᠠᠨ ᠲᠠᠯ᠎ᠠ ᠠᠴᠠ ᠨᠠᠷᠢᠨ ᠲᠠᠶᠢᠯᠤᠮᠵᠢ ᠬᠢᠵᠤ ᠵᠢᠯᠤᠭᠤᠳᠤᠭᠰᠠᠨ ᠠᠴᠠ ᠰᠤᠷᠤᠭᠴᠢᠳ  ᠲᠤ ᠶᠣᠰᠤᠲᠠᠢ ᠬᠣᠲᠠ ᠶᠢᠨ ᠨᠢᠭᠡᠳᠦᠯᠲᠠᠢ ᠰᠣᠷᠢᠯᠲᠠ ᠶᠢ ᠤᠭᠳᠤᠬᠤ ︽ ᠴᠠᠭ ᠤᠨ ᠬᠤᠷ᠎ᠠ ︾ ᠪᠣᠯᠤᠭᠰᠠᠨ ᠪᠠᠶᠢᠨ᠎ᠠ ᠃