Menu

ᠰᠢᠨ᠎ᠡ ᠵᠢᠨ ᠵᠤᠯᠭᠠᠯᠳᠠ ᠰᠢᠨ᠎ᠡ ᠬᠤᠭᠤᠴᠠᠭᠠᠨ  ᠤ ᠠᠵᠢᠯ  ᠤᠨ ᠡᠬᠢᠯᠡᠯᠳᠡ

2019-02-18 / admin

(ᠤᠩᠰᠢᠭᠰᠠᠨ ᠤᠳᠠᠭ᠎ᠠ: 389 ᠤᠳᠠᠭ᠎ᠠ)

ᠪᠢᠯᠢᠭ ᠦᠨ ᠣᠯᠠᠷᠢᠯ ᠤᠨ ᠰᠢᠷᠠᠭᠴᠢᠨ ᠭᠠᠬᠠᠢ ᠵᠢᠯ ᠦᠨ ᠴᠠᠭᠠᠨ ᠰᠠᠷ᠎ᠠ ᠵᠢᠨ ᠠᠷᠪᠠᠨ ᠭᠤᠷᠪᠠᠨ ᠤ ᠥᠯᠵᠡᠶᠢᠲᠦ ᠡᠳᠤᠷ  ᠢ ᠰᠤᠩᠭᠤᠵᠤ ᠂ ᠲᠡᠭᠡᠳᠤ ᠨᠢᠭᠡ ᠵᠢᠨ  ᠬᠢᠨ ᠰᠤᠷᠤᠭᠴᠢᠳ  ᠤᠨ ᠨᠡᠷ᠎ᠡ ᠮᠡᠳᠡᠬᠦᠯᠬᠦ ᠶᠤᠰᠤᠯᠠᠯ   ᠢ ᠳᠡᠭᠡᠳᠦ ᠳᠣᠮᠳᠠᠳᠣ ᠵᠢᠨ ᠵᠢᠭᠠᠨ ᠰᠣᠷᠭᠠᠯᠲᠠ ᠵᠢᠨ ᠠᠰᠠᠷ ᠤᠨ ᠶᠡᠭᠡ ᠲᠢᠩᠬᠢᠮ ᠳᠤ ᠦᠪᠡᠳᠡᠭᠰᠢ ᠶᠡᠭᠡ  ᠪᠠᠷ ᠡᠷᠬᠢᠯᠡᠯ᠎ᠡ ᠃ ᠶᠤᠰᠤᠯᠠᠯ ᠳ᠋ᠥ ᠳᠡᠭᠡᠳᠦ ᠨᠢᠭᠡ ᠵᠢᠨ ᠪᠦᠬᠦ ᠪᠠᠭᠰᠢ ᠰᠤᠷᠤᠭᠴᠢ ᠵᠢᠴᠢ ᠭᠡᠷ  ᠤᠨ ᠠᠬᠠᠮᠠᠳ  ᠨᠠᠷ ᠤᠷᠤᠯᠴᠠᠭᠰᠠᠨ ᠪᠠᠶᠢᠨ᠎ᠠ ᠃

ᠡᠯ᠎ᠡ ᠠᠩᠭᠢ ᠵᠢᠨ ᠠᠷᠬᠢᠯᠡᠭᠴᠢ ᠮᠣᠩᠭᠣᠯ ᠵᠶᠡᠷ ᠵᠶᠡᠨ ᠭᠤᠶᠤᠯᠠᠵᠤ ᠂ ᠤᠷᠳᠤᠰ ᠮᠤᠩᠭᠤᠯ  ᠤᠨ ᠤᠯᠠᠮᠵᠢᠯᠠᠯᠳᠤ ᠵᠠᠩᠰᠢᠯ ᠵᠢᠡᠷ ᠵᠢᠡᠨ ᠬᠦᠬᠦᠷ ᠬᠠᠳᠠᠭ ᠰᠤᠯᠢᠯᠴᠠᠨ ᠂ ᠠᠮᠤᠷ ᠮᠠᠨᠳᠤ ᠠᠰᠠᠭᠤᠯᠴᠠᠵᠤ ᠂ ᠢᠷᠦᠭᠡᠯ ᠪᠡᠯᠭᠡ ᠵᠢᠨ ᠰᠠᠶᠢᠬᠠᠨ ᠦᠭᠡ ᠂ ᠦᠨᠢ ᠮᠦᠩᠭᠡ ᠵᠢᠨ ᠠᠷᠢᠭᠤᠨ ᠰᠡᠳᠬᠢᠯ ᠵᠢᠡᠷ ᠭᠡᠷ  ᠤᠨ ᠠᠬᠠᠮᠠᠳ ᠪᠤᠯᠤᠨ ᠰᠤᠷᠤᠭᠴᠢ  ᠪᠠᠨ ᠤᠭᠳᠤᠨ ᠠᠪᠤᠭᠰᠠᠨ ᠲᠠᠷᠠᠭ᠎ᠠ ᠨᠡᠷ᠎ᠡ ᠮᠡᠳᠡᠬᠦᠯᠬᠦ ᠭᠠᠷ ᠬᠦᠢᠴᠡᠳᠭᠡᠯ ᠵᠢᠡᠨ ᠡᠮᠬᠢ ᠲᠢᠭᠯᠢᠮ  ᠲᠠᠢ ᠡᠬᠢᠯᠡᠬᠦᠯᠪᠡ ᠃ ᠶᠤᠰᠤᠯᠠᠯ  ᠤᠨ ᠠᠬᠤᠢ ᠲᠠᠯᠠᠪᠠᠢ ᠤᠷᠳᠤᠰ ᠮᠤᠩᠭᠤᠯ  ᠤᠨ ᠰᠢᠨ᠎ᠠ ᠵᠢᠨ ᠵᠤᠯᠭᠠᠯᠳᠠ ᠵᠢᠨ ᠶᠤᠰᠤ ᠵᠠᠩᠰᠢᠯ ᠪᠠᠶᠠᠷ ᠬᠦᠷ ᠵᠢᠡᠷ ᠪᠢᠯᠬᠠᠵᠤ ᠂ ᠬᠠᠮᠳᠤ ᠳᠤᠨᠢ ᠠᠩᠬᠢ ᠵᠢᠨ ᠡᠷᠬᠢᠯᠡᠭᠴᠢ  ᠨᠠᠷ  ᠤᠨ ᠰᠢᠨ᠎ᠡ ᠰᠤᠷᠤᠯᠭ᠎ᠠ ᠵᠢᠨ ᠬᠤᠭᠤᠴᠠᠭᠠᠨ  ᠤ ᠠᠵᠢᠯ  ᠤᠨ ᠵᠢᠷᠤᠭᠯᠠᠯ ᠵᠢᠡᠷ ᠦᠩᠭᠡᠯᠡᠭᠳᠡᠵᠤ ᠪᠠᠶᠢᠯ᠎ᠠ ᠃

ᠨᠡᠷ᠎ᠡ ᠮᠡᠳᠡᠬᠦᠯᠬᠦ ᠠᠵᠢᠯ ᠪᠤᠯ ᠰᠢᠨ᠎ᠡ ᠨᠢᠭᠡ ᠬᠤᠭᠤᠴᠠᠭᠠᠨ  ᠤ ᠠᠵᠢᠯ  ᠤᠨ ᠡᠬᠢᠯᠡᠯᠳᠡ ᠪᠤᠯᠬᠤ  ᠪᠠᠷ ᠪᠠᠷᠠᠬᠤ ᠦᠭᠡᠢ ᠮᠦᠨᠴᠦ ᠪᠦᠬᠦᠶᠢᠯᠠ ᠬᠤᠭᠤᠴᠠᠭᠠᠨ  ᠤ ᠠᠵᠢᠯ  ᠤᠨ ᠴᠢᠨᠠᠷ ᠴᠢᠨᠰᠠᠭ᠎ᠠ  ᠲᠠᠢ ᠬᠤᠯᠪᠤᠭᠳᠠᠬᠤ ᠴᠢᠬᠤᠯᠠ ᠨᠢᠭᠡᠨ ᠭᠤᠭᠴᠤᠭ᠎ᠠ ᠪᠤᠯᠬᠤ ᠶᠤᠮ ᠃ ᠲᠡᠭᠡᠳᠤ ᠨᠢᠭᠡ ᠵᠢᠨ  ᠬᠢᠨ ᠡᠨᠡᠬᠦ ᠠᠵᠢᠯ ᠵᠢᠡᠨ ᠰᠢᠨ᠎ᠡ ᠵᠤᠯᠭᠠᠯᠳᠠ ᠵᠢᠨ ᠮᠠᠶ᠋ᠢᠭ ᠵᠢᠡᠷ ᠡᠯᠬᠦᠵᠤ ᠠᠪᠤᠭᠰᠠᠨ  ᠨᠢ ᠨᠢᠭᠡᠨ ᠶᠤᠰᠤᠨ  ᠤ ᠵᠠᠩ ᠲᠠᠳᠬᠠᠯ  ᠤᠨ ᠬᠦᠮᠦᠵᠢᠯ  ᠤᠨ ᠬᠢᠴᠢᠶᠡᠯ ᠪᠤᠯᠤᠭᠰᠠᠨ ᠵᠢᠡᠷ ᠦᠯᠦ ᠪᠠᠷᠠᠨ ᠦᠭᠡᠳᠡ ᠡᠰᠡᠷᠡᠭ ᠦᠯᠵᠡᠢ ᠪᠡᠯᠭᠡ ᠵᠢᠨ ᠰᠡᠷᠡᠯ ᠮᠡᠳᠡᠷᠡᠮᠵᠢ  ᠪᠠᠷ ᠰᠤᠷᠤᠭᠴᠢᠳ ᠵᠢᠡᠨ ᠰᠢᠨ᠎ᠡ ᠬᠤᠭᠤᠴᠠᠭᠠᠨ  ᠤ ᠰᠤᠷᠤᠯᠭ᠎ᠠ ᠠᠮᠢᠳᠤᠷᠠᠯ ᠵᠦᠭ  ᠨᠢ ᠬᠦᠳᠦᠯᠵᠤ ᠪᠠᠶᠢᠯ᠎ᠠ ᠃

MD7A7171

 

 

 

 

 

MD7A7019

MD7A7021

MD7A7023

MD7A7047

MD7A7056

MD7A7068

MD7A7092

MD7A7109

MD7A7112

MD7A7118

MD7A7139

MD7A7167

 

MD7A7210