Menu

︽ ︿ ᠠᠪᠢᠶᠠᠰᠯᠢᠭ ﹀ ᠬᠢᠮᠢ ᠶᠢᠨ ᠤᠷᠪᠠᠯ ︾

2018-12-28 / admin

(ᠤᠩᠰᠢᠭᠰᠠᠨ ᠤᠳᠠᠭ᠎ᠠ: 66 ᠤᠳᠠᠭ᠎ᠠ)

ᠬᠢᠮᠢ ᠪᠤᠯ ᠨᠢᠬᠡ ᠳᠦᠷᠦᠯ  ᠤᠨ ᠭᠠᠶᠢᠬᠠᠮᠰᠢᠭᠳᠤ ᠰᠢᠨᠵᠢ ᠪᠠᠷ ᠲᠤᠪᠤᠶᠢᠭᠰᠠᠨ ᠰᠢᠨᠵᠢᠯᠡᠬᠦ ᠤᠬᠠᠭᠠᠨ ᠪᠤᠯᠬᠤ ᠶᠤᠮ ᠃ ᠪᠢᠳᠡᠨ  ᠤ ᠮᠡᠳᠡᠬᠡᠵᠢ ᠪᠠᠷ ᠠᠮᠢᠳᠤᠷᠠᠯ ᠳᠤᠮᠳᠠ ᠳᠤᠭ᠎ᠠ ᠳᠤᠮᠰᠢ ᠦᠬᠡᠢ ᠬᠢᠮᠢ  ᠶᠢᠨ ᠦᠵᠡᠭᠳᠡᠯ ᠪᠤᠢ ᠃ ᠡᠬᠦᠨ  ᠳᠤ ᠵᠠᠷᠢᠮ  ᠨᠢ ᠪᠤᠰᠤᠳ  ᠢ ᠰᠤᠴᠢᠨ ᠭᠡᠯᠮᠡᠭᠳᠡᠬᠦᠯᠬᠦ ᠶᠸᠯᠸᠢ ᠮᠡᠳᠦ ᠪᠠᠷ ᠬᠦᠮᠦᠰ  ᠤᠨ ᠪᠠᠬᠠᠷᠬᠠᠯ  ᠢ ᠶᠡᠬᠡ ᠪᠠᠷ ᠳᠠᠳᠠᠳᠠᠭ ᠃ ᠬᠢᠮᠢ  ᠨᠢ ᠮᠦᠨᠴᠤ ᠨᠢᠬᠡᠨ ᠳᠦᠷᠦᠯ  ᠤᠨ ᠭᠡᠷᠡᠭᠯᠡᠬᠡᠨ  ᠤ ᠴᠢᠨᠠᠷ  ᠢᠶᠠᠷ ᠮᠠᠰᠢ ᠴᠢᠩᠭ᠎ᠠ ᠰᠢᠨᠵᠢᠯᠡᠬᠦ ᠤᠬᠠᠭᠠᠨ ᠪᠤᠯᠤᠭᠰᠠᠨ  ᠤ ᠬᠤᠪᠢ ᠳ᠋ᠥ ᠂ ᠨᠡᠶᠢᠬᠡᠮ  ᠤᠨ ᠬᠦᠭᠵᠢᠯᠳᠠ ᠬᠢᠬᠡᠳ ᠬᠦᠮᠦᠨ  ᠤ ᠠᠮᠢᠳᠤᠷᠠᠯ  ᠤᠨ ᠴᠢᠨᠠᠷ ᠴᠢᠨᠰᠠᠭ᠎ᠠ  ᠶᠢ ᠳᠡᠭᠡᠭᠰᠢᠯᠡᠬᠦᠯᠬᠦ ᠯᠤᠬᠡ ᠨᠢᠭᠳᠠ ᠬᠤᠯᠪᠤᠭᠳᠠᠯ  ᠲᠠᠢ ᠃ ᠰᠠᠭᠤᠷᠢ ᠬᠢᠮᠢ  ᠶᠢᠨ ᠮᠡᠳᠡᠯᠬᠡ  ᠨᠢ ᠪᠢᠳᠡᠨ  ᠤ ᠬᠠᠭᠤᠷᠮᠠᠭ ᠵᠦᠢᠯᠡᠰ  ᠢ ᠢᠯᠭᠠᠨ ᠳᠠᠨᠢᠬᠤ ᠵᠢᠴᠢ ᠵᠠᠷᠢᠮ ᠲᠠᠸᠠᠷ  ᠨᠢ ᠬᠦᠮᠦᠨ  ᠤ ᠪᠡᠶ᠎ᠡ  ᠶᠢᠨ ᠡᠷᠡᠬᠦᠯ ᠴᠢᠬᠢᠷᠠᠭ  ᠢ ᠨᠦᠯᠦᠬᠡᠯᠡᠬᠦ ᠡᠰᠡᠬᠦ ᠪᠠ ᠤᠷᠴᠢᠨᠰᠠᠭ ᠪᠠᠶᠢᠬᠤ ᠡᠰᠡᠬᠦ ᠵᠡᠷᠬᠡ  ᠶᠢ ᠮᠠᠭᠠᠳᠯᠠᠬᠤ  ᠳᠤ ᠴᠢᠬᠤᠯᠠ ᠬᠡᠷᠡᠭᠴᠡᠬᠡ  ᠲᠠᠢ ᠶᠤᠮ ᠃ ᠡᠶᠢᠮᠦ  ᠠᠴᠠ ᠬᠦᠮᠦᠨ ᠪᠤᠯᠭᠠᠨ ᠬᠢᠮᠢ  ᠶᠢᠨ ᠳᠤᠬᠠᠢ ᠦᠪᠡᠷ  ᠤᠨ ᠤᠶᠢᠯᠠᠭᠠᠯᠳᠠ ᠲᠠᠨᠢᠯᠳᠠ ᠪᠠ ᠮᠡᠳᠡᠯᠭᠡ ᠴᠢᠳᠠᠪᠤᠷᠢ ᠪᠠᠨ ᠳᠡᠭᠡᠭᠰᠢᠯᠡᠬᠦᠯᠬᠦ  ᠨᠢ ᠡᠩ  ᠤᠨ ᠱᠠᠭᠠᠷᠳᠠᠯᠭ᠎ᠠ ᠪᠤᠯᠤᠭᠰᠠᠨ ᠪᠠᠶᠢᠨ᠎ᠠ ᠃

ᠳᠤᠷᠰᠢᠯᠳᠠ ᠪᠤᠯ ᠬᠢᠮᠢ ᠰᠤᠷᠬᠤ ᠂ ᠬᠢᠮᠢ  ᠶᠢ ᠪᠡᠶᠡᠴᠢᠯᠡᠨ ᠦᠢᠯᠠᠭᠠᠬᠤ ᠪᠠ ᠬᠢᠮᠢ  ᠶᠢᠨ ᠶᠠᠪᠤᠴᠠ  ᠶᠢ ᠰᠦᠪᠡᠭᠴᠢᠯᠡᠬᠦ ᠴᠢᠬᠤᠯᠠ ᠠᠷᠭ᠎ᠠ ᠵᠠᠮ ᠪᠤᠯᠤᠨ᠎ᠠ ᠃ ᠳᠤᠷᠰᠢᠯᠳᠠ ᠪᠠᠷ ᠳᠠᠮᠵᠢᠨ ᠰᠤᠷᠤᠯᠴᠠᠯᠭ᠎ᠠ ᠪᠠ ᠦᠢᠯᠡᠳᠪᠦᠷᠢᠯᠡᠯ  ᠤᠨ ᠶᠠᠰᠤ ᠴᠢᠨᠠᠷ ᠢ ᠲᠡᠭᠡᠭᠰᠢᠯᠡᠬᠦᠯᠬᠦ ᠪᠠ ᠠᠮᠢᠳᠤᠷᠠᠯ  ᠳᠠᠬᠢ ᠤᠳᠬ᠎ᠠ ᠠᠭᠤᠯᠭ᠎ᠠ  ᠲᠠᠢ ᠬᠢᠮᠢ  ᠶᠢᠨ ᠠᠰᠠᠭᠤᠳᠠᠯ  ᠤᠳ  ᠢ ᠢᠯᠡᠷᠡᠬᠦᠯᠬᠦ ᠪᠠ ᠰᠢᠢᠳᠪᠦᠷᠢᠯᠡᠳᠡᠭ ᠪᠠᠶᠢᠨ᠎ᠠ ᠃ 2018 ᠤᠨ  ᠤ 12 ᠳᠤᠭᠠᠷ ᠰᠠᠷ᠎ᠠ  ᠶᠢᠨ 26  ᠤ ᠡᠳᠦᠷ ᠂ ᠤᠷᠳᠤᠰ ᠬᠤᠳᠠ  ᠶᠢᠨ ᠮᠤᠩᠭᠤᠯ ᠦᠨᠳᠦᠰᠦᠳᠡᠨ  ᠤ ᠳᠤᠮᠳᠠᠳᠤ ᠰᠤᠷᠭᠠᠭᠤᠯᠢ  ᠶᠢᠨ ᠳᠡᠭᠡᠳᠦ ᠨᠢᠭᠡ ᠶᠢᠨ ᠬᠢᠮᠢ  ᠶᠢᠨ ᠬᠢᠴᠢᠶᠡᠯ ᠪᠡᠯᠡᠳᠭᠡᠬᠦ ᠳᠤᠭᠤᠶᠢᠯᠠᠩ  ᠠᠴᠠ ︽ ︿ ᠠᠪᠢᠶᠠᠰᠯᠢᠭ ﹀ ᠬᠢᠮᠢ ᠶᠢᠨ ᠤᠷᠪᠠᠯ ︾ ᠬᠡᠬᠦ ᠬᠦᠳᠡᠯᠬᠡᠬᠡᠨ  ᠢ ᠵᠤᠬᠢᠶᠠᠨ ᠪᠠᠶᠢᠭᠤᠯᠵᠤ ᠦᠷᠨᠢᠬᠦᠯᠦᠭᠰᠡᠨ ᠪᠠᠶᠢᠨ᠎ᠠ ᠃ ᠳᠤᠰ ᠤᠳᠠᠭᠠᠨ  ᠤ ᠬᠦᠳᠡᠯᠬᠡᠬᠡᠨ  ᠳᠤ ᠂ ᠪᠠᠭᠰᠢ  ᠨᠠᠷ ᠠᠴᠠ ᠠᠮᠢᠳᠤᠷᠠᠯ  ᠲᠠᠢ ᠬᠤᠯᠪᠤᠭᠳᠠᠭᠰᠠᠨ ᠬᠢᠮᠢ ᠶᠢᠨ ᠤᠷᠪᠠᠯ ᠤᠳ ᠠᠴᠠ ᠰᠤᠨᠢᠷᠬᠠᠯᠲᠠᠢ ᠂ ᠬᠡᠷᠡᠭᠯᠡᠯᠲᠡ ᠪᠡᠷ ᠦᠷᠭᠡᠨ ᠪᠤᠯᠬᠣ ᠳᠤᠷᠰᠢᠯᠲᠠ ︱ ᠰᠢᠬᠢᠷ ᠦᠨ ᠢᠯᠭᠠᠷᠠᠭᠤᠯᠬᠤ ᠡᠨᠸᠷᠬᠢ  ᠶᠢᠨ ᠬᠡᠮᠵᠢᠶ᠎ᠡ ᠂ ᠮᠦᠩᠬᠦᠨ ᠲᠣᠯᠢ ᠶᠢᠨ ᠤᠷᠪᠠᠯ ᠂  ᠬᠢᠮᠠᠯ ᠰᠦᠨ ᠤᠮᠳᠠᠭᠠᠨ ᠬᠢᠬᠦ ᠵᠡᠷᠬᠡ ᠳᠤᠷᠰᠢᠯᠳᠠ  ᠶᠢᠨ ᠦᠵᠡᠬᠦᠯᠬᠡ ᠬᠢᠬᠦ ᠪᠠᠷ ᠳᠠᠮᠵᠢᠨ ᠰᠤᠷᠤᠭᠴᠢᠳ ᠲᠣ ᠬᠢᠮᠢ ᠶᠢᠨᠤᠷᠪᠠᠯ ᠤᠨ ︽ ᠠᠪᠢᠶᠠᠰ ︾  ᠢ ᠰᠤᠨᠢᠷᠬᠠᠭᠤᠯᠵᠤ ᠂ ᠬᠢᠮᠢ  ᠶᠢᠨ ᠬᠡᠷᠡᠭᠴᠡᠬᠡ  ᠶᠢ ᠮᠡᠳᠡᠬᠦᠯᠬᠦ ᠵᠢᠨ ᠬᠠᠮᠳᠤ ᠲᠡᠳᠡᠨ  ᠤ ᠬᠢᠮᠢ  ᠶᠢᠨ ᠬᠠᠷᠠᠭᠠᠰᠤ  ᠶᠢ ᠦᠷᠬᠡᠳᠬᠡᠵᠤ ᠂ ᠬᠢᠮᠢ ᠰᠤᠷᠬᠤ ᠳᠤᠷ᠎ᠠ ᠰᠤᠨᠢᠷᠬᠠᠯ  ᠢ ᠬᠦᠭᠵᠢᠬᠡᠵᠤ ᠴᠢᠳᠠᠭᠰᠠᠨ ᠪᠠᠶᠢᠨ᠎ᠠ ᠃

1

2

3

4

5

6

7

8

9

10

11

12

13

14

15

16

17