Menu

ᠳᠡᠭᠡᠳᠦ ᠭᠤᠷᠪᠠ ᠶᠢᠨ ᠬᠤᠭᠤᠴᠠᠭ᠎ᠠ ᠳᠤᠮᠲᠠ ᠶᠢᠨ ᠰᠢᠯᠭᠠᠯᠲᠠ ᠶᠢᠨ ᠵᠠᠳᠠᠯᠤᠯᠲᠠ ᠶᠢᠨ ᠬᠤᠷᠠᠯ ᠠᠮᠵᠢᠯᠳᠠ  ᠲᠠᠢ ᠶᠠᠪᠤᠭᠳᠠᠯ᠎ᠠ

2018-10-26 / admin

(ᠤᠩᠰᠢᠭᠰᠠᠨ ᠤᠳᠠᠭ᠎ᠠ: 122 ᠤᠳᠠᠭ᠎ᠠ)

ᠲᠡᠭᠡᠳᠤ ᠭᠤᠷᠪᠠ ᠵᠢᠨ  ᠬᠢᠨ ᠵᠢᠭᠠᠨ ᠰᠤᠷᠭᠠᠯᠲᠠ ᠶᠢᠨ ᠲᠤᠮᠳᠠ ᠣᠷᠤᠰᠢᠵᠤ ᠪᠠᠶᠢᠭ᠎ᠠ ᠠᠰᠠᠭᠤᠳᠠᠯ ᠢᠶᠠᠨ ᠳ᠋ᠦᠩᠨᠡᠨ ᠂ ᠰᠤᠷᠤᠭᠴᠢᠳ ᠤᠨ ᠬᠢᠴᠢᠶᠠᠯ ᠰᠤᠷᠤᠯᠭ᠎ᠠ ᠶᠢᠨ ᠠᠰᠢᠭᠯᠠᠮᠵᠢ ᠶᠢ ᠳᠡᠭᠡᠭᠰᠢᠯᠡᠬᠦᠯᠬᠦ ᠶᠢᠨ ᠲᠤᠯᠠᠲᠠ 2018 ᠣᠨ ᠤ 10 ᠰᠠᠷ᠎ᠠ ᠶᠢᠨ 25 ᠦ ᠦᠳᠡ ᠶᠢᠨ ᠬᠣᠶᠢᠨ᠎ᠠ ᠬᠤᠭᠤᠴᠠᠭ᠎ᠠ ᠳᠤᠮᠲᠠ ᠶᠢᠨ ᠰᠢᠯᠭᠠᠯᠲᠠ ᠶᠢᠨ ᠵᠢᠡᠨ ᠵᠠᠳᠠᠯᠤᠯᠲᠠ ᠶᠢᠨ ᠬᠤᠷᠠᠯ ᠢ ᠠᠮᠵᠢᠯᠲᠠ  ᠲᠠᠢ ᠬᠢᠯ᠎ᠠ ᠃
ᠲᠤᠰ ᠤᠳᠠᠭᠠᠨ ᠤ ᠬᠤᠷᠠᠯ ᠢ ᠲᠣᠭ᠎ᠠ ᠂ ᠭᠤᠷᠪᠠᠨ ᠬᠡᠯᠡ ᠂ ᠪᠠᠶᠢᠭᠠᠯᠢ ᠶᠢᠨ ᠰᠢᠨᠵᠢᠯᠡᠭᠡᠨ ᠂ ᠨᠡᠶᠢᠭᠡᠮ ᠦᠨ ᠰᠢᠨᠵᠢᠯᠡᠭᠡᠨ ᠭᠡᠬᠦ ᠳᠦᠷᠪᠡᠨ ᠲᠠᠯᠠᠪᠠᠢ ᠬᠤᠪᠢᠶᠠᠨ ᠶᠠᠪᠤᠭᠳᠠᠭᠤᠯᠵᠤ ᠂ ᠰᠤᠷᠭᠠᠭᠤᠯᠢ ᠶᠢᠨ ᠵᠠᠬᠢᠷᠤᠯ ᠰᠤᠷᠳᠠᠯᠳᠤ ᠂ ᠰᠣᠶᠤᠯᠲᠤ ᠂ ᠮᠦᠩᠬᠡᠳᠡᠯᠠᠢ ᠂ ᠠᠯᠲᠠᠨᠴᠢᠯᠠᠭᠤ ᠲᠤᠰ ᠲᠤᠰ ᠠᠬᠤᠢ ᠲᠠᠯᠠᠪᠠᠢ ᠳᠤ ᠬᠦᠷᠴᠤ ᠲᠤᠬᠠᠢ ᠵᠢᠨ ᠬᠢᠴᠢᠶᠡᠯ ᠲᠦᠷᠦᠯ   ᠤᠨ ᠵᠠᠳᠠᠯᠤᠯᠲᠠ ᠶᠢ ᠰᠣᠨᠤᠰᠬᠤ ᠶᠢᠨ ᠬᠠᠮᠲᠤ ᠪᠠᠭᠰᠢ  ᠨᠠᠷ  ᠲᠠᠢ ᠰᠠᠨᠠᠯ ᠪᠤᠳᠤᠯ ᠢᠶᠠᠨ ᠰᠣᠯᠢᠯᠴᠠᠨ ᠂ ᠵᠢᠭᠠᠨ ᠵᠢᠯᠤᠭᠤᠳᠤᠯᠭ᠎ᠠ ᠬᠢᠭᠰᠡᠨ ᠪᠠᠶᠢᠨ᠎ᠠ ᠃ ᠬᠤᠷᠠᠯ ᠳᠤ ᠬᠢᠴᠢᠶᠠᠯ ᠪᠡᠯᠡᠳᠭᠡᠬᠦ ᠲᠤᠭᠤᠶᠢᠯᠠᠩ ᠤᠨ ᠳᠠᠷᠤᠭ᠎ᠠ  ᠨᠠᠷ ᠡᠯ᠎ᠡ ᠬᠢᠴᠢᠶᠠᠯ ᠲᠦᠷᠦᠯ ᠳᠦ ᠣᠷᠤᠰᠢᠵᠤ ᠪᠠᠶᠢᠭ᠎ᠠ ᠠᠰᠠᠭᠤᠳᠠᠯ ᠢᠶᠠᠨ ᠮᠡᠳᠡᠯᠭᠡ ᠶᠢᠨ ᠴᠡᠭ ᠬᠤᠪᠢᠶᠠᠵᠤ ᠂ ᠠᠩᠭᠢ ᠶᠢᠨ ᠪᠠᠶᠢᠳᠠᠯ  ᠲᠠᠢ  ᠨᠢ ᠤᠶᠠᠯᠳᠤᠭᠤᠯᠤᠨ ᠨᠠᠷᠢᠯᠢᠭ ᠵᠠᠳᠠᠯᠤᠯᠲᠠ ᠬᠢᠬᠦ ᠶᠢᠨ ᠬᠠᠮᠲᠤ ᠵᠢᠭᠠᠨ ᠰᠤᠷᠭᠠᠯᠲᠠ ᠶᠢᠨ ᠦᠷ᠎ᠠ ᠠᠰᠢᠭ ᠢ ᠬᠡᠷᠬᠢᠨ ᠳᠡᠭᠡᠭᠰᠢᠯᠡᠬᠦᠯᠬᠦ ᠲᠤᠬᠠᠢ ᠬᠠᠮᠳᠤ ᠪᠠᠷ ᠰᠣᠳᠤᠯᠤᠨ ᠶᠠᠷᠢᠯᠴᠠᠵᠠᠢ ᠃ ᠣᠨ ᠤ ᠳᠡᠳ᠋ ᠡᠷᠬᠢᠯᠡᠭᠴᠢ ᠮᠦᠩᠬᠦᠨᠴᠡᠴᠡᠭ ᠪᠠᠭᠰᠢ PPT ᠶᠢᠨ ᠪᠠᠭᠠᠨᠠᠨ ᠵᠢᠷᠤᠭ ᠤᠨ ᠬᠡᠯᠪᠡᠷᠢ ᠪᠡᠷ ᠬᠢᠴᠢᠶᠠᠯ ᠲᠦᠷᠦᠯ ᠪᠣᠯᠭᠠᠨ ᠤ ᠬᠢᠷᠢ ᠪᠦᠳᠦᠮᠵᠢ ᠂ ᠠᠩᠭᠢ ᠪᠣᠯᠭᠠᠨ ᠤ ᠬᠢᠷᠢ ᠪᠦᠳᠦᠮᠵᠢ ᠶᠢ ᠳᠡᠭᠡᠷ᠎ᠠ ᠣᠨ ᠤ ᠰᠢᠯᠭᠠᠭᠰᠠᠨ ᠪᠠᠶᠢᠳᠠᠯ  ᠲᠠᠢ ᠬᠠᠷᠢᠴᠠᠭᠤᠯᠤᠨ ᠨᠠᠷᠢᠨ ᠵᠠᠳᠠᠯᠤᠨ ᠲᠠᠶᠢᠯᠪᠤᠷᠢᠯᠠᠪᠠ ᠃

ᠳᠦᠷᠪᠡᠨ ᠰᠠᠯᠪᠤᠷᠢ ᠲᠠᠯᠠᠪᠠᠢ ᠬᠤᠷᠠᠯ ᠤᠨ ᠳᠠᠷᠠᠭ᠎ᠠ ᠳᠡᠭᠡᠳᠦ ᠭᠤᠷᠪᠠ ᠶᠢᠨ ᠪᠦᠬᠦ ᠪᠠᠭᠰᠢ ᠬᠤᠷᠠᠯᠳᠤᠵᠤ ᠂ ᠵᠢᠭᠠᠨ ᠰᠤᠷᠭᠠᠯᠲᠠ ᠂ ᠤᠩᠰᠢᠯᠭ᠎ᠠ ᠳᠠᠪᠳᠠᠯᠭ᠎ᠠ ᠂ ᠰᠤᠷᠤᠭᠴᠢ ᠶᠢᠨ ᠲᠤᠬᠠᠢ ᠰᠤᠳᠤᠯᠤᠨ ᠶᠠᠷᠢᠯᠴᠠᠭᠰᠠᠨ ᠮᠦᠷᠳᠡᠭᠡᠨ ᠰᠤᠷᠳᠠᠯᠳᠤ ᠵᠠᠬᠢᠷᠤᠯ ᠴᠢᠬᠤᠯᠠ ᠶᠠᠷᠢᠶ᠎ᠠ ᠲᠠᠯᠪᠢᠵᠤ ᠂ ᠬᠢᠴᠢᠶᠠᠯ ᠳᠠᠪᠳᠠᠯᠭ᠎ᠠ ᠶᠢᠨ ᠠᠰᠢᠭᠯᠠᠮᠵᠢ ᠶᠢ ᠳᠡᠭᠡᠭᠰᠢᠯᠡᠬᠦᠯᠬᠦ ᠂ ᠰᠤᠷᠤᠭᠴᠢ ᠶᠢᠨ ᠤᠬᠠᠮᠰᠠᠷ ᠢ ᠦᠨᠳᠦᠷᠵᠢᠬᠦᠯᠬᠦ ᠂ ᠰᠤᠷᠬᠤ ᠠᠷᠭ᠎ᠠ ᠶᠢ ᠵᠢᠯᠤᠭᠤᠳᠬᠤ ᠂ ᠬᠠᠮᠵᠢᠯᠴᠠᠭ᠎ᠠ ᠪᠠᠨ ᠴᠢᠩᠭᠠᠳᠬᠠᠬᠤ ᠵᠡᠷᠭᠡ ᠲᠠᠯ᠎ᠠ ᠪᠠᠷ ᠰᠠᠨᠠᠯ ᠰᠢᠬᠦᠮᠵᠢ ᠪᠡᠨ ᠳᠡᠪᠰᠢᠬᠦᠯᠵᠡᠢ ᠃

微信图片_20181026154618_副本
微信图片_20181026154655_副本
微信图片_20181026154703_副本
微信图片_20181026154712_副本
微信图片_20181026154724_副本