Menu

ᠰᠢᠯᠢ ᠵᠢᠨ ᠭᠤᠤᠯ ᠠᠶᠢᠮᠠᠭ  ᠤᠨ ᠮᠤᠩᠭᠤᠯ ᠦᠨᠳᠦᠰᠦᠳᠡᠨ  ᠤ ᠲᠤᠮᠳᠠᠳᠤ ᠰᠤᠷᠭᠠᠭᠤᠯᠢ ᠮᠠᠨ  ᠤ ᠰᠤᠷᠭᠠᠭᠤᠯᠢ ᠳ᠋ᠥ ᠲᠤᠭᠤᠷᠢᠨ ᠦᠵᠡᠵᠦ ᠲᠤᠷᠰᠢᠯᠭ᠎ᠠ ᠰᠤᠯᠢᠯᠴᠠᠪᠠ

2018-10-25 / admin

(ᠤᠩᠰᠢᠭᠰᠠᠨ ᠤᠳᠠᠭ᠎ᠠ: 125 ᠤᠳᠠᠭ᠎ᠠ)

2018 ᠤᠨ  ᠤ 10 ᠳ᠋ᠤᠭᠠᠷ ᠰᠠᠷ᠎ᠠ ᠵᠢᠨ 22  ᠤᠨ ᠡᠳᠤᠷ ᠰᠢᠯᠢ ᠵᠢᠨ ᠭᠤᠤᠯ ᠠᠶᠢᠮᠠᠭ  ᠤᠨ ᠮᠤᠩᠭᠤᠯ ᠦᠨᠳᠦᠰᠦᠳᠡᠨ  ᠤ ᠲᠤᠮᠳᠠᠳᠤ ᠰᠤᠷᠭᠠᠭᠤᠯᠢ ᠵᠢᠨ ᠵᠠᠬᠢᠷᠤᠯ ᠡᠩᠭᠡᠵᠢᠷᠭᠠᠯ 11 ᠪᠠᠭᠰᠢ  ᠲᠠᠢ  ᠪᠠᠨ ᠮᠠᠨ ‍ ᠤ ᠰᠤᠷᠭᠠᠭᠤᠯᠢ ᠳ᠋ᠥ ᠮᠤᠷᠢᠯᠠᠨ ᠰᠠᠭᠠᠳᠠᠭᠠᠳ ᠂ ᠦᠷᠯᠦᠭᠡᠨ  ᠤ ᠲᠠᠮᠢᠷ ᠂ ᠦᠷᠯᠦᠭᠡᠨ  ᠤ ᠲᠠᠪᠳᠠᠯᠭ᠎ᠠ ᠂ ᠰᠤᠷᠭᠠᠭᠤᠯᠢ  ᠵᠢᠨ ᠬᠦᠷᠢᠶ᠎ᠡ  ᠶᠢ ᠲᠤᠭᠤᠷᠢᠨ ᠦᠵᠡᠬᠦ ᠵᠢᠨ ᠬᠠᠮᠳᠤ ᠤᠯᠤᠰ  ᠤᠨ ᠲᠤᠭ ᠮᠠᠨᠳᠤᠭᠤᠯᠬᠤ ᠶᠤᠰᠤᠯᠠᠯ ᠂ ᠲᠡᠭᠡᠳᠤ ᠭᠤᠷᠪᠠ ᠵᠢᠨ ᠬᠢᠳᠠᠳ ᠭᠡᠯᠡᠨ  ᠤ ᠬᠠᠮᠳᠤ ᠵᠢᠨ ᠪᠡᠯᠡᠳᠭᠡᠮᠵᠢ ᠂ ᠲᠡᠭᠡᠳᠤ ᠬᠤᠶᠠᠷ  ᠤᠨ ᠬᠢᠮᠢ ᠵᠢᠨ ᠬᠠᠮᠳᠤ ᠵᠢᠨ ᠪᠡᠯᠡᠳᠭᠡᠮᠵᠢ ᠳ᠋ᠥ ᠤᠷᠤᠯᠴᠠᠬᠤ ᠂ ᠲᠡᠭᠡᠳᠤ ᠭᠤᠷᠪᠠ ᠵᠢᠨ ᠬᠢᠴᠢᠶᠡᠯ ‍ᠢ ᠰᠤᠨᠤᠰᠬᠤ ᠂ ᠲᠡᠬᠦᠰᠬᠦ ᠠᠩᠬᠢ ᠵᠢᠨ ᠲᠤᠬᠠᠢ ᠂ ᠬᠢᠴᠢᠶᠡᠯ ᠲᠦᠷᠦᠯ  ᠤᠨ ᠲᠤᠭᠤᠶᠢᠯᠠᠩ  ᠤᠨ ᠲᠤᠬᠠᠢ ᠂ ᠶᠤᠰᠤ ᠰᠤᠷᠳᠠᠬᠤᠨ  ᠤ ᠬᠦᠮᠦᠵᠢᠯ  ᠤᠨ ᠲᠤᠬᠠᠢ ᠂ ᠠᠯᠪᠠᠨ ᠭᠡᠷ ᠪᠠ ᠬᠢᠨᠠᠨ ᠰᠢᠯᠭᠠᠬᠤ ᠲᠦᠷᠢᠮ ᠲᠤᠭᠳᠠᠭᠠᠯ  ᠤᠨ ᠲᠤᠬᠠᠢ ᠂ ᠬᠢᠴᠢᠶᠡᠯ  ᠤᠨ ᠲᠤᠬᠢᠷᠠᠭᠤᠯᠭ᠎ᠠ ᠂ᠦᠷᠨᠢᠬᠦᠯᠵᠤ ᠪᠦᠬᠦᠢ ᠬᠦᠳᠡᠯᠭᠡᠭᠡᠨ  ᠤᠳ  ᠤᠨ ᠲᠤᠬᠠᠢ ᠂ ᠤᠶᠤᠨᠴᠢ ᠰᠤᠷᠭᠠᠭᠤᠯᠢ ᠵᠢᠨ ᠬᠦᠷᠢᠶᠡᠨ  ᠤ ᠪᠦᠳᠦᠭᠡᠨ ᠪᠠᠶᠢᠭᠤᠯᠤᠯᠳᠠ ᠵᠢᠨ ᠲᠤᠬᠠᠢ ᠨᠠᠷᠢᠨ ᠨᠢᠮᠪᠠᠢ ᠰᠤᠨᠤᠰᠴᠤ ᠠᠰᠠᠭᠤᠨ ᠯᠠᠪᠯᠠᠭᠰᠠᠨ ᠪᠠᠶᠢᠨ᠎ᠠ ᠃ ᠲᠤᠰ ᠬᠦᠳᠡᠯᠭᠡᠭᠡᠨ ᠤ ᠶᠠᠪᠤᠴᠠ ᠳ᠋ᠥ ᠮᠤᠷᠢᠯᠠᠨ ᠰᠠᠭᠠᠳᠠᠭᠰᠠᠨ ᠵᠤᠴᠢᠳ ᠴᠦᠮ ᠰᠡᠳᠬᠢᠯ ᠲᠤᠭᠳᠤᠯᠤᠨ ᠪᠠᠶᠢᠬᠤ ᠵᠢᠨ ᠬᠠᠮᠳᠤ ᠲᠤᠩ ᠶᠡᠭᠡ ᠤᠯᠤᠯᠳᠠ  ᠲᠠᠢ ᠪᠤᠯᠤᠯ᠎ᠠ ᠭᠡᠵᠤ ᠶᠠᠷᠢᠵᠠᠭᠠᠵᠤ ᠪᠠᠶᠢᠯ᠎ᠠ ᠃ ᠡᠨᠡ  ᠨᠢ ᠮᠠᠨ  ᠤ ᠰᠤᠷᠭᠠᠭᠤᠯᠢ ᠵᠢᠨ ᠪᠦᠳᠦᠭᠡᠨ  ᠪᠠᠶᠢᠭᠤᠯᠤᠯᠳᠠ ᠂ ᠬᠠᠮᠢᠶᠠᠷᠤᠯᠳᠠ ᠵᠢᠨ ᠦᠨᠳᠦᠷ ᠲᠦᠪᠰᠢᠨ  ‍ᠢ ᠬᠦᠢᠴᠡᠳ ᠢᠯᠡᠷᠡᠬᠦᠯᠵᠤ ᠂ ᠨᠠᠮ ᠵᠠᠰᠠᠭ  ᠡᠴᠡ ᠮᠠᠨ ᠤ ᠰᠤᠷᠭᠠᠭᠤᠯᠢ  ᠶᠢ ᠭᠡᠷᠬᠢᠨ ᠬᠦᠨᠳᠦᠳᠭᠡᠨ ᠬᠠᠯᠠᠮᠵᠢᠯᠠᠵᠤ ᠪᠠᠶᠢᠬᠤ ᠂ ᠰᠤᠷᠭᠠᠭᠤᠯᠢ ᠲᠤᠳᠤᠷ᠎ᠠ  ᠪᠠᠨ ᠬᠠᠮᠢᠶᠠᠷᠤᠯᠳᠠ  ᠪᠠᠨ ᠰᠢᠯᠢᠳᠡᠭᠵᠢᠬᠦᠯᠵᠤ ᠲᠡᠷᠢᠬᠦᠨ  ᠤ ᠬᠢ  ᠶᠢ ᠲᠠᠮᠠᠴᠠᠨ ᠪᠠᠶᠢᠭ᠎ᠠ ᠵᠤᠷᠢᠭ ᠰᠠᠨᠠᠭ᠎ᠠ  ᠶᠢ ᠬᠠᠷᠠᠭᠤᠯᠵᠤ ᠴᠢᠳᠠᠵᠠᠢ ᠃

ᠤᠶᠢᠷ᠎ᠠ ᠵᠢᠨ ᠵᠢᠯ  ᠤᠳ  ᠡᠴᠡ ᠮᠠᠨ  ᠤ ᠰᠤᠷᠭᠠᠭᠤᠯᠢ ᠵᠢᠨ ᠵᠢᠭᠠᠨ ᠰᠤᠷᠭᠠᠯᠳᠠ ᠵᠢᠨ ᠶᠠᠰᠤ ᠴᠢᠨᠠᠷ  ᠤᠨ ᠤᠯᠠᠮ ᠵᠢᠡᠷ ᠲᠡᠭᠡᠭᠰᠢᠯᠡᠬᠦ  ᠶᠢ ᠲᠠᠭᠠᠯᠳᠤᠨ ᠂  ᠪᠤᠰᠤᠤᠨ ᠰᠤᠷᠭᠠᠭᠤᠯᠢ  ᠯᠤᠭ᠎ᠠ ᠶᠢᠨ ᠨᠦᠬᠦᠷᠰᠡᠩ ᠶᠠᠪᠤᠯᠴᠠᠭ᠎ᠠ ᠤᠯᠠᠮ ᠵᠤᠵᠠᠭᠠᠷᠠᠵᠤ ᠂ ᠨᠡᠶᠢᠬᠡᠮ ᠨᠡᠶᠢᠳᠡ ᠶᠢᠨ ᠡᠯ᠎ᠡ ᠡᠳᠡᠬᠡᠤᠨ ᠤᠨ ᠠᠩᠬᠠᠷᠤᠯ ᠢ ᠲᠠᠳᠠᠬᠤ ᠪᠤᠯᠤᠭᠰᠠᠨ ᠪᠠᠶᠢᠨ᠎ᠠ ᠃ ᠡᠨᠡ  ᠨᠢ ᠮᠠᠨ  ᠤ ᠰᠤᠷᠭᠠᠭᠤᠯᠢ ᠵᠢᠨ  ᠪᠠᠭᠰᠢ ᠰᠤᠷᠤᠭᠴᠢᠤᠨ  ᠤᠨ ᠬᠠᠮᠳᠤ ᠶᠢᠨ ᠴᠢᠷᠮᠠᠶᠢᠯᠭ᠎ᠠ  ᠡᠴᠡ ᠰᠠᠯᠵᠤ ᠴᠢᠳᠠᠰᠢ ᠦᠬᠡᠢ ᠶᠤᠮ ᠃

1
2
3
4
5