Menu

ᠣᠷᠳᠤᠰ ᠬᠤᠳᠠ ᠵᠢᠨ ᠮᠣᠩᠭᠤᠯ ᠦᠨᠳᠦᠰᠦᠲᠡᠨ ᠦ ᠲᠤᠮᠳᠠᠳᠤ ᠰᠤᠷᠭᠠᠭᠤᠯᠢ ᠶᠢᠨ 2017  2018 ᠰᠤᠷᠤᠯᠭ᠎ᠠ ᠶᠢᠨ ᠣᠨ ᠤ ᠲᠤᠤᠷᠠᠳᠤ ᠬᠤᠭᠤᠴᠠᠭᠠᠨ ᠤ ᠲᠠᠭᠤᠷᠢᠶᠠᠯ ᠦᠵᠡᠭᠦᠯᠬᠦ ᠬᠢᠴᠢᠶᠡᠯ ᠦᠨ ᠭᠠᠷᠠᠭ ᠤᠨ ᠠᠵᠢᠯᠯᠠᠭ᠎ᠠ ᠠᠮᠵᠢᠯᠲᠠᠲᠠᠢ ᠲᠡᠭᠦᠰᠪᠡ

2018-06-06 / admin

(ᠤᠩᠰᠢᠭᠰᠠᠨ ᠤᠳᠠᠭ᠎ᠠ: 375 ᠤᠳᠠᠭ᠎ᠠ)

听课展板_副本

5 ᠰᠠᠷ᠎ᠠ  ᠶᠢᠨ 21  25 ᠬᠦᠷᠲᠡᠯᠡᠬᠢ ︽ ᠭᠢᠴᠢᠶᠡᠯ ᠲᠦᠷᠦᠯ ᠦᠨ ᠲᠠᠭᠠᠭᠣᠯᠣᠭᠴᠢ ᠂ ᠵᠢᠭᠠᠨ ᠰᠣᠷᠭᠠᠬᠣ ᠴᠢᠳᠠᠪᠦᠷᠢᠳᠡᠨ ︾ ᠤ ᠲᠠᠭᠣᠷᠢᠶᠠᠯ ᠦᠵᠡᠬᠦᠯᠬᠦ ᠭᠢᠴᠢᠶᠡᠯ ᠦᠨ ᠭᠠᠷᠠᠭ  ᠤᠨ ᠠᠵᠢᠯᠯᠠᠭ᠎ᠠ  ᠳᠦ  ᠪᠡᠨ ᠮᠠᠨ ᠤ ᠬᠢᠴᠢᠶᠡᠯ ᠬᠥᠮᠥᠵᠢᠯ ᠦᠨ ᠭᠠᠵᠠᠷ ᠂ ᠵᠢᠭᠠᠬᠤ ᠶᠢ ᠰᠤᠳᠤᠯᠬᠤ ᠭᠠᠵᠠᠷ ᠠᠴᠠ ᠰᠣᠷᠭᠠᠨ ᠬᠦᠮᠦᠵᠢᠯ ᠵᠢᠭᠠᠨ ᠰᠣᠷᠭᠠᠯᠳᠠ ᠶᠢᠨ ᠶᠠᠰᠤ ᠴᠢᠨᠠᠷ ᠢ ᠤᠯᠠᠮ ᠨᠢᠭᠡ ᠠᠯᠬᠤᠮ ᠲᠡᠭᠡᠭᠰᠢᠯᠡᠬᠦᠯᠵᠦ ᠂ ᠪᠠᠭᠰᠢ  ᠨᠠᠷ ᠤᠨ ᠬᠣᠭᠣᠷᠣᠨᠳᠤ ᠪᠠᠨ ᠬᠠᠷᠢᠯᠴᠠᠨ ᠰᠤᠷᠤᠯᠴᠠᠵᠤ ᠂ ᠬᠠᠷᠢᠯᠴᠠᠨ  ᠰᠣᠯᠢᠯᠴᠠᠵᠣ ᠂ ᠬᠠᠷᠢᠯᠴᠠᠨ ᠳᠠᠪᠰᠢᠬᠤ ᠶᠢ ᠪᠣᠳᠠᠲᠠᠶᠢᠵᠢᠭᠤᠯᠤᠨ ᠂ ᠨᠢᠷᠤᠭᠤᠪᠴᠢ ᠪᠠᠭᠰᠢ ᠶᠢᠨ ︽ ᠤᠯᠠᠮᠵᠢᠯᠠᠬᠤ ᠂ ᠬᠠᠪᠰᠤᠷᠬᠤ ᠂ ᠲᠠᠭᠠᠭᠣᠯᠬᠣ ︾ ᠦᠢᠯᠡᠳᠦᠯ ᠢ ᠦᠨᠡᠨ ᠬᠦ ᠪᠠᠳᠠᠷᠠᠭᠤᠯᠵᠤ ᠂ ᠵᠠᠯᠠᠭᠣ ᠪᠠᠭᠰᠢ  ᠨᠠᠷ ᠤᠨ ᠦᠳᠳᠡᠷ ᠲᠦᠷᠭᠡᠨ ᠢᠶᠡᠷ ᠰᠤᠷᠭᠠᠨ ᠬᠦᠮᠦᠵᠢᠯ ᠵᠢᠭᠠᠨ ᠰᠤᠷᠭᠠᠯᠳᠠ ᠳᠦ ᠲᠠᠳᠮᠠᠭᠠᠶᠢᠷᠠᠨ ᠴᠠᠭᠠᠷᠠᠬᠤ  ᠶᠢ ᠠᠬᠢᠭᠣᠯᠬᠣ ᠵᠢᠨ ᠲᠦᠯᠦᠭᠡ  ︽ ᠬᠤᠲᠠ  ᠶᠢᠨ ᠲᠡᠰ  ᠤᠨ ᠵᠢᠭᠠᠨ ᠰᠤᠷᠭᠠᠬᠤ ᠴᠢᠳᠠᠪᠤᠷᠢᠲᠠᠨ ᠂ ᠬᠤᠲᠠ  ᠶᠢᠨ ᠲᠡᠰ  ᠤᠨ ᠬᠢᠴᠢᠶᠡᠯ ᠲᠦᠷᠦᠯ  ᠤᠨ ᠲᠠᠭᠠᠭᠤᠯᠤᠭᠴᠢ ︾  ᠪᠠᠷ ᠦᠨᠡᠯᠡᠭᠳᠡᠭᠰᠡᠨ ᠰᠤᠶᠤᠯᠳᠤ ᠂ ᠪᠤᠯᠤᠳ ᠂ ᠳ᠋ᠠᠢ ᠪᠤᠤ ᠱᠠᠨ ᠂ ᠮᠥᠩᠬᠡᠳᠠᠯᠠᠢ ᠂ ᠰᠠᠷᠠᠨ᠎ᠠ ᠂ ᠶᠠᠩ  ᠮᠡᠨᠳᠤ ᠂ ᠯᠢᠤᠢ ᠮᠢᠨ ᠂ ᠥᠯᠵᠡᠶᠢᠵᠢᠷᠭᠠᠯ ᠂ ᠸᠠᠩ ᠮᠸᠢ ᠷᠥ᠍ᠩ ᠂ ᠡᠬᠦᠯᠡᠩᠬᠤᠸᠠᠷ ︵ ᠦᠨᠡᠯᠡᠭᠳᠡᠭᠰᠡᠨ ᠴᠠᠭ ᠵᠢᠡᠷ  ᠨᠢ ᠵᠢᠭᠰᠠᠭᠠᠪᠠ  ︶ ᠵᠡᠷᠭᠡ ᠪᠠᠭᠰᠢ ᠶᠢ ᠤᠷᠢᠵᠤ ᠬᠢᠴᠢᠶᠡᠯᠯᠡᠬᠦᠯᠦᠭᠰᠡᠨ ᠪᠠᠶᠢᠨ᠎ᠠ ᠃

ᠨᠢᠷᠤᠭᠤᠪᠴᠢ ᠪᠠᠭᠰᠢ  ᠨᠠᠷ  ᠮᠠᠨᠢ ᠰᠤᠷᠭᠠᠨ ᠬᠥᠮᠥᠵᠢᠯ ᠦᠨ ᠤᠶᠢᠯᠠᠭᠠᠭᠳᠠᠬᠤᠨ ᠂ ᠬᠢᠴᠢᠶᠡᠯ ᠦᠨ ᠲᠥᠰᠥᠪᠯᠡᠯ ᠂ ᠬᠢᠴᠢᠶᠡᠯᠯᠡᠬᠥ ᠶᠠᠪᠤᠴᠠ ᠂ ᠬᠢᠴᠢᠶᠡᠯ ᠦᠨ ᠥᠷ᠎ᠡ ᠠᠰᠢᠭ ᠵᠡᠷᠭᠡ ᠲᠥ᠍ᠷᠪᠡᠨ ᠲᠠᠯ᠎ᠠ  ᠶᠢ ᠪᠣᠳᠣᠯᠬᠢᠯᠠᠵᠤ ᠂ ᠬᠢᠴᠢᠶᠡᠯᠯᠡᠭᠡ ᠳᠤᠮᠳᠠ ᠰᠤᠷᠤᠭᠴᠢ ᠶᠢᠨ ᠦᠨᠡᠨ ᠬᠦ ᠪᠡᠶ᠎ᠡ ᠪᠡᠨ ᠲᠠᠭᠠᠭᠠᠵᠤ ᠰᠤᠷᠬᠤ ᠂ ᠪᠡᠶᠠᠷᠲᠠᠢ ᠬᠠᠮᠵᠢᠯᠴᠠᠨ ᠰᠤᠷᠬᠤ ᠂ ᠵᠤᠷᠢᠭᠲᠠᠢ ᠬᠠᠷᠢᠭᠤᠯᠵᠤ ᠢᠳᠡᠪᠬᠢᠲᠠᠢ ᠤᠷᠤᠯᠳᠤᠬᠤ ᠵᠢᠴᠢ ᠥᠪᠡᠷ ᠢ ᠪᠡᠨ ᠬᠥᠭᠵᠢᠬᠥᠯᠬᠥ ᠵᠡᠷᠭᠡ  ᠳᠤ ᠤᠨᠴᠠᠭᠠᠢ ᠠᠩᠬᠠᠷᠤᠯ ᠲᠠᠯᠪᠢᠨ ᠂ ᠰᠤᠷᠤᠭᠴᠢ  ᠶᠢᠨ ᠰᠤᠷᠬᠤ ᠤᠷᠮ᠎ᠠ  ᠶᠢ ᠬᠦᠢᠴᠡᠳ ᠲᠠᠶᠢᠴᠢᠯᠠᠬᠤ  ᠪᠠᠷ ᠬᠢᠴᠢᠶᠡᠯ ᠢᠶᠡᠨ ᠨᠠᠷᠢᠯᠢᠭ ᠪᠡᠯᠡᠳᠭᠡᠵᠦ ᠬᠢᠴᠢᠶᠡᠯᠯᠡᠭᠰᠡᠨ ᠵᠢᠡᠷ ᠲᠠᠭᠤᠷᠢᠶᠠᠯ ᠤᠨ ᠦᠢᠯᠡᠳᠤᠯ ᠵᠢᠡᠨ ᠪᠠᠳᠠᠷᠠᠭᠤᠯᠵᠤ ᠴᠢᠳᠠᠭᠰᠠᠨ ᠤ ᠬᠠᠮᠳᠤ ᠤᠯᠠᠨ ᠪᠠᠭᠰᠢ ᠴᠠᠭ ᠢᠶᠠᠨ ᠲᠤᠬᠢᠷᠠᠭᠤᠯᠤᠨ ᠬᠢᠴᠢᠶᠡᠯᠯᠡᠭᠡ ᠶᠢ ᠢᠳᠡᠪᠬᠢᠲᠡᠢ ᠰᠤᠨᠤᠰᠴᠤ ᠰᠤᠷᠤᠯᠴᠠᠭᠤᠰᠢᠲᠠᠢ ᠲᠠᠯ᠎ᠠ ᠂ ᠲᠠᠭᠤᠷᠢᠶᠠᠯ ᠬᠦᠷᠲᠡᠬᠦ ᠵᠦᠢᠯ ᠵᠢᠡᠨ ᠡᠷᠢᠯᠬᠢᠯᠡᠨ ᠵᠤᠷᠢᠭᠲᠠᠢ  ᠪᠠᠷ ᠲᠠᠨᠢᠯᠲᠠ ᠪᠠᠨ ᠶᠠᠷᠢᠯᠴᠠᠵᠤ ᠂ ᠰᠠᠨᠠᠯ ᠢᠶᠠᠨ ᠰᠤᠯᠢᠯᠴᠠᠭᠰᠠᠨ ᠪᠠᠶᠢᠨ᠎ᠠ ᠃

ᠡᠨᠡ ᠣᠳᠠᠭᠠᠨ ᠤ ᠬᠦᠳᠡᠯᠭᠡᠭᠡᠨ ᠮᠠᠰᠢ ᠠᠮᠵᠢᠯᠲᠠ  ᠲᠠᠢ ᠶᠠᠪᠤᠭᠳᠠᠯ᠎ᠠ ᠭᠡᠵᠦ ᠰᠤᠷᠭᠠᠭᠤᠯᠢ ᠶᠢᠨ ᠤᠳᠤᠷᠢᠳᠤᠯᠭ᠎ᠠ  ᠨᠠᠷ ᠥᠨᠳᠦᠷ ᠦᠨᠡᠯᠡᠯᠲᠡ ᠥᠭᠭᠦᠭᠰᠡᠨ ᠪᠦᠭᠡᠳ ᠵᠢᠭᠠᠨ ᠰᠣᠷᠭᠠᠯᠲᠠ ᠶᠢᠨ ᠬᠢᠷᠢ ᠳᠥ᠍ᠪᠰᠢᠨ ᠢ ᠲᠠᠰᠤᠷᠠᠯᠲᠠ ᠦᠭᠡᠢ ᠳᠡᠭᠡᠭᠰᠢᠯᠡᠭᠦᠯᠬᠦ ᠶᠢᠨ ᠲᠤᠯᠠᠲᠠ ᠬᠣᠵᠢᠮ ᠡᠶᠢᠮᠦ ᠬᠦᠳᠡᠯᠭᠡᠭᠡᠨ ᠢ ᠢᠯᠡᠭᠦᠦ ᠦᠷᠨᠢᠬᠦᠯᠦᠨ ᠪᠠᠭᠰᠢ ᠰᠤᠷᠤᠭᠴᠢ ᠶᠢᠨ ᠤᠷᠮᠠᠰᠢᠯ ᠢ ᠲᠠᠶᠢᠴᠢᠯᠠᠬᠤ ᠶᠢ ᠲᠡᠮᠵᠢᠨ᠎ᠡ ᠭᠡᠵᠡᠢ ᠃

2018.5.25

1
2
3
4
5
6
7
8
9
10
11
12
13
14