Menu

ᠮᠠᠨ ᠤ ᠰᠤᠷᠭᠠᠭᠤᠯᠢ ᠶᠢᠨ ᠬᠣᠣᠰ ᠬᠡᠯᠡᠨ ᠦ ᠤᠶᠤᠨᠴᠢ ᠰᠤᠷᠭᠠᠭᠤᠯᠢ  ᠶᠢᠨ ᠬᠦᠷᠢᠶᠡᠨ ᠦ ᠰᠢᠰᠲ᠋ᠧᠮ  ᠢ ᠬᠢᠨᠠᠨ ᠪᠠᠲᠦᠯᠠᠬᠣ ᠠᠵᠢᠯ ᠠᠮᠵᠢᠯᠲᠠ  ᠲᠡᠢ ᠪᠣᠯᠣᠯ᠎ᠠ

2018-05-31 / ᠮᠦᠨᠭᠬᠡᠪᠠᠭᠠᠳᠤᠷ

(ᠤᠩᠰᠢᠭᠰᠠᠨ ᠤᠳᠠᠭ᠎ᠠ: 267 ᠤᠳᠠᠭ᠎ᠠ)

ᠤᠷᠴᠢᠮᠬᠠᠨ ᠮᠠᠨ ᠤ ᠰᠤᠷᠭᠠᠭᠤᠯᠢ ᠶᠢᠨ ᠬᠣᠣᠰ ᠬᠡᠯᠡᠨ ᠦ ᠣᠶᠣᠨᠴᠢ ᠰᠤᠷᠭᠠᠭᠤᠯᠢ ᠶᠢᠨ ᠬᠦᠷᠢᠶᠡᠨ ᠦ ᠰᠢᠰᠲ᠋ᠧᠮ ᠢ ᠬᠢᠨᠠᠨ ᠪᠠᠳᠤᠯᠠᠬᠣ ᠠᠵᠢᠯ ᠠᠮᠵᠢᠯᠲᠠ  ᠲᠡᠢ ᠶᠠᠪᠤᠭᠳᠠᠯ᠎ᠠ᠃  ᠲᠤᠰ ᠰᠢᠰᠲ᠋ᠧᠮ  ᠨᠢ ᠲᠤᠤᠷ ᠰᠦᠯᠵᠢᠶᠡᠨ ᠦ ᠮᠡᠷᠭᠡᠵᠢᠯ᠂ ᠵᠢᠭᠠᠨ ᠰᠤᠷᠭᠠᠬᠤ ᠮᠡᠷᠭᠡᠵᠢᠯ᠂ ᠤᠶᠤᠨᠴᠢ ᠮᠡᠷᠭᠡᠵᠢᠯ᠂ ᠮᠣᠩᠭᠣᠯ ᠰᠤᠷᠠᠭ ᠵᠠᠩᠭᠢ ᠰᠡᠢᠳᠪᠣᠷᠢᠯᠡᠬᠦ  ᠮᠡᠷᠭᠡᠵᠢᠯ ᠵᠡᠷᠭᠡ ᠲᠡᠭᠡᠳᠤ ᠰᠢᠨ᠎ᠡ ᠮᠡᠷᠭᠡᠵᠢᠯ  ᠦᠨ ᠰᠠᠭᠤᠷᠢᠨ ᠲᠡᠭᠡᠷ᠎ᠡ ᠰᠠᠭᠤᠷᠢᠯᠠᠭᠰᠠᠨ᠂  ᠴᠠᠭ ᠡᠷᠡᠨ ᠦ ᠣᠨᠴᠠᠯᠢᠭ  ᠲᠦ ᠵᠣᠬᠢᠴᠠᠭᠰᠠᠨ ᠤᠳᠤᠬᠢᠴᠢᠯᠠᠭᠰᠠᠨ ᠣᠶᠣᠨᠴᠢ ᠰᠤᠷᠭᠠᠭᠤᠯᠢ ᠶᠢᠨ ᠬᠦᠷᠢᠶᠡᠨ ᠦ ᠰᠢᠰᠲ᠋ᠧᠮ ᠪᠣᠯᠬᠣ ᠶᠤᠮ᠃

ᠲᠤᠰ ᠰᠢᠰᠲ᠋ᠧᠮ ᠢ ᠰᠤᠳᠤᠯᠤᠨ ᠪᠦᠲᠦᠭᠡᠬᠦ ᠶᠠᠪᠤᠴᠠ ᠳᠤ ᠰᠤᠷᠭᠠᠭᠤᠯᠢ ᠶᠢᠨ ᠬᠠᠮᠢᠶ᠎ᠠ ᠪᠦᠬᠦᠢ ᠤᠳᠤᠷᠢᠳᠤᠯᠭ᠎ᠠ ᠪᠡᠶ᠎ᠡ ᠪᠡᠷ ᠢᠶᠡᠨ ᠤᠷᠤᠯᠴᠠᠵᠤ᠂ ᠡᠯ᠎ᠡ ᠰᠠᠯᠠᠭ᠎ᠠ ᠲᠠᠰᠤᠭ᠂ ᠬᠢᠴᠢᠶᠡᠯ ᠲᠦᠷᠤᠯ ᠤᠨ   ᠳᠣᠭᠤᠶᠢᠯᠠᠩ ᠂  ᠮᠡᠷᠭᠡᠵᠢᠯᠲᠡᠨ ᠪᠠᠭᠰᠢᠨᠠᠷ  ᠵᠡᠷᠭᠡ100 ᠭᠠᠷᠤᠢ ᠬᠦᠮᠦᠨ ᠤᠷᠢᠳ ᠬᠣᠵᠢᠳ ᠮᠡᠷᠭᠡᠵᠢᠯ ᠦᠨ ᠨᠡᠭᠡᠭᠡᠯᠲᠡ ᠳᠦ ᠤᠷᠤᠯᠴᠠᠵᠤ ᠂ ᠮᠡᠳᠡᠭᠡ ᠵᠠᠩᠭᠢ ᠶᠢᠨ ᠲᠦᠪ ᠡᠴᠡ ᠪᠦᠬᠦ ᠰᠢᠰᠲ᠋ᠧᠮ ᠦᠨ ᠮᠡᠷᠭᠡᠵᠢᠯ ᠦᠨ ᠪᠠᠲᠤᠯᠠᠭ᠎ᠠ ᠶᠢ ᠬᠢᠨᠠᠵᠤ ᠂ ᠲᠦᠯᠦᠪᠵᠢᠭᠦᠯᠭᠡ ᠬᠢᠵᠣ ᠂ ᠮᠡᠷᠭᠡᠵᠢᠯ ᠦᠨ ᠬᠢᠨᠠᠨ ᠰᠢᠯᠭᠠᠯᠲᠠ ᠪᠠ ᠪᠦᠬᠦ ᠶᠠᠪᠣᠴᠠ ᠳᠤ  ᠭᠦᠨᠵᠡᠭᠡᠶᠢᠷᠡᠪᠡ ᠃ ᠦᠪᠦᠷ ᠮᠣᠩᠭᠣᠯ ᠤᠨ ᠤᠷᠬᠣᠨ ᠮᠡᠷᠭᠡᠵᠢᠯ ᠦᠨ ᠺᠣᠮᠫᠠᠨᠢ  ᠡᠴᠡ ᠪᠦᠬᠦ ᠮᠡᠷᠭᠡᠵᠢᠯ ᠦᠨ ᠨᠡᠭᠡᠭᠡᠯᠲᠡ ᠬᠢᠵᠣ ᠂ ᠪᠡᠭᠡᠵᠢᠩ ᠦᠨ ᠸᠠᠨ ᠪᠦᠧᠧ ᠤᠶᠤᠨᠯᠢᠭ  ᠵᠠᠩᠭᠢ ᠶᠢᠨ ᠮᠡᠷᠭᠡᠵᠢᠯ ᠦᠨ ᠺᠣᠮᠫᠠᠨᠢ  ᠪᠦᠬᠦ ᠶᠠᠪᠤᠴᠠ ᠳᠤ ᠬᠢᠨᠡᠯᠲᠡ ᠲᠠᠯᠪᠢᠪᠠ ᠃

ᠮᠠᠨ ᠤ ᠰᠤᠷᠭᠠᠭᠤᠯᠢ ᠶᠢᠨ ᠣᠶᠣᠨᠴᠢ ᠰᠤᠷᠭᠠᠭᠤᠯᠢ ᠶᠢᠨ ᠬᠦᠷᠢᠶᠡᠨ ᠦ ᠰᠢᠰᠲ᠋ᠧᠮ  ᠨᠢ  ᠄ ᠣᠶᠣᠨᠴᠢ ᠰᠤᠷᠭᠠᠭᠤᠯᠢ ᠶᠢᠨ ᠬᠠᠮᠢᠶᠠᠷᠦᠯᠲᠠ ᠂ ᠣᠶᠣᠨᠴᠢ ᠵᠢᠭᠠᠨ ᠰᠤᠷᠭᠠᠯᠲᠠ ᠂ ᠣᠶᠣᠨᠴᠢ ᠰᠣᠷᠤᠯᠴᠠᠯᠭ᠎ᠠ ᠵᠡᠷᠭᠡ ᠭᠤᠷᠪᠠᠨ ᠶᠡᠭᠡ ᠬᠡᠰᠡᠭ ᠢᠶᠡᠷ ᠪᠦᠷᠢᠯᠳᠦᠵᠣ ᠂ ᠮᠣᠩᠭᠣᠯ ᠦᠰᠦᠭ ᠪᠢᠴᠢᠭ ᠢ  ᠲᠣᠭᠠᠵᠢᠭᠣᠯᠵᠣ  ᠰᠡᠢᠳᠪᠦᠷᠢᠯᠡᠬᠦ᠂  ᠰᠦᠯᠵᠢᠶᠡᠨ ᠲᠡᠭᠡᠷ᠎ᠡ ᠠᠵᠢᠯᠯᠠᠬᠣ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠤᠮᠢᠶᠠᠨ ᠤ ᠬᠦᠮᠦᠷᠭᠡ ᠂ ᠦᠨᠳᠦᠷ ᠬᠣᠷᠳᠤᠴᠠᠳᠤ ᠰᠢᠷᠪᠡᠵᠣ ᠲᠠᠨᠢᠬᠣ ᠰᠢᠰᠲ᠋ᠧᠮ ᠂ ᠰᠢᠯᠭᠠᠯᠲᠠ ᠭᠠᠷᠭᠠᠬᠣ  ᠨᠡᠶᠢᠷᠠᠭᠤᠯᠬᠣ ᠰᠢᠰᠲ᠋ᠧᠮ ᠂ ᠮᠣᠩᠭᠣᠯ ᠢᠶᠠᠷ ᠰᠦᠯᠵᠢᠶᠡᠨ ᠲᠡᠭᠡᠷ᠎ᠡ  ᠰᠣᠷᠣᠯᠴᠠᠬᠣ APP ᠂ ᠬᠠᠮᠢᠶᠠᠷᠣᠯᠲᠠ ᠬᠢᠬᠦAPP ᠵᠡᠷᠭᠡ ᠤᠯᠠᠨ ᠰᠣᠳᠣᠨ ᠰᠢᠨ᠎ᠡ ᠡᠭᠦᠳᠦᠯᠲᠠ ᠨᠡᠭᠡᠭᠡᠯᠲᠡ  ᠲᠡᠢ ᠴᠢᠳᠠᠪᠬᠢ  ᠲᠡᠢ  ᠲᠤᠮᠤ ᠬᠡᠯᠪᠡᠷᠢ ᠶᠢᠨ ᠰᠢᠰᠲ᠋ᠧᠮ ᠪᠣᠯᠬᠣ ᠶᠤᠮ ᠃

ᠮᠡᠷᠭᠡᠵᠢᠯ ᠦᠨ ᠬᠢᠨᠠᠨ ᠪᠠᠳᠦᠯᠠᠬᠣ ᠠᠵᠢᠯ ᠳᠤ ᠦᠪᠦᠷ ᠮᠣᠩᠭᠣᠯ ᠤᠨ ᠶᠡᠭᠡ ᠰᠤᠷᠭᠠᠭᠣᠯᠢ ᠶᠢᠨ ᠨᠠᠰᠤᠨᠤ᠋ᠷᠲᠤ ᠫᠷᠦᠹᠧᠰᠰᠣᠷ ᠂ ᠦᠪᠦᠷ ᠮᠣᠩᠭᠣᠯ ᠤᠨ ᠪᠠᠭᠰᠢ ᠶᠢᠨ ᠶᠡᠭᠡ ᠰᠤᠷᠭᠠᠭᠣᠯᠢ ᠶᠢᠨ ᠴᠧᠨ ᠮᠧᠢ ᠫᠷᠦᠹᠧᠰᠰᠣᠷ ᠂   ᠣᠷᠳᠣᠰ ᠬᠣᠲᠠ ᠶᠢᠨ ᠰᠤᠷᠭᠠᠨ ᠬᠦᠮᠦᠵᠢᠯ ᠦᠨ  ᠲᠣᠪᠴᠢᠶᠠᠨ ᠤ ᠦᠨᠳᠦᠰᠦᠲᠡᠨ ᠦ ᠰᠤᠷᠭᠠᠨ ᠬᠦᠮᠦᠵᠢᠯ ᠦᠨ ᠰᠠᠯᠠᠭᠠᠨ ᠤ ᠲᠠᠷᠤᠭ᠎ᠠ ᠮᠦᠩᠬᠡ ᠂ᠣᠷᠳᠣᠰ ᠬᠣᠲᠠ ᠶᠢᠨ ᠰᠤᠷᠭᠠᠨ ᠬᠦᠮᠦᠵᠢᠯ ᠦᠨ  ᠲᠣᠪᠴᠢᠶᠠᠨ ᠤ ᠴᠠᠬᠢᠯᠭᠠᠨᠵᠢᠯ ᠰᠤᠷᠭᠠᠨ ᠬᠦᠮᠦᠵᠢᠯ ᠦᠨ ᠲᠠᠰᠤᠭ ᠤᠨ ᠵᠣᠤ   ᠶᠡᠨ  ᠵᠢᠶᠦᠨ ᠵᠡᠷᠭᠡ ᠮᠡᠷᠭᠡᠵᠢᠯᠳᠡᠨ ᠪᠠ ᠦᠪᠦᠷ ᠮᠣᠩᠭᠣᠯ ᠤᠨ ᠤᠷᠬᠣᠨ ᠮᠡᠷᠭᠡᠵᠢᠯ ᠦᠨ ᠺᠣᠮᠫᠠᠨᠢ ᠶᠢᠨ ᠲᠠᠭᠠᠭᠠᠮᠠᠯ ᠤᠷᠬᠢᠯ ᠂ ᠪᠡᠭᠡᠵᠢᠩ ᠦᠨ ᠸᠠᠨ ᠪᠦᠧᠧ ᠤᠶᠤᠨᠯᠢᠭ  ᠵᠠᠩᠭᠢ ᠶᠢᠨ ᠮᠡᠷᠭᠡᠵᠢᠯ ᠦᠨ ᠺᠣᠮᠫᠠᠨᠢ ᠶᠢᠨ ᠮᠡᠷᠭᠡᠵᠢᠯᠲᠡᠨ ᠯᠢᠶᠠᠩ ᠯᠧᠢ ᠵᠡᠷᠭᠡ  ᠤᠷᠤᠯᠴᠠᠪᠠ ᠃

ᠬᠢᠨᠠᠨ ᠪᠠᠳᠤᠯᠠᠬᠣ  ᠠᠵᠢᠯ ᠳᠦ  ᠦᠪᠦᠷ ᠮᠣᠩᠭᠣᠯ ᠤᠨ ᠤᠷᠬᠣᠨ ᠮᠡᠷᠭᠡᠵᠢᠯ ᠦᠨ ᠺᠣᠮᠫᠠᠨᠢ ᠶᠢᠨ ᠮᠡᠷᠭᠡᠵᠢᠯᠲᠡᠨ ᠡᠴᠡ ᠰᠢᠰᠲ᠋ᠧᠮ ᠦᠨ ᠴᠢᠲᠠᠪᠬᠢ ᠶᠢ ᠲᠠᠶᠢᠯᠪᠤᠷᠢ ᠬᠢᠵᠣ ᠂ᠪᠡᠭᠡᠵᠢᠩ ᠦᠨ ᠸᠠᠨ ᠪᠦᠧᠧ ᠤᠶᠤᠨᠯᠢᠭ  ᠵᠠᠩᠭᠢ ᠶᠢᠨ ᠮᠡᠷᠭᠡᠵᠢᠯ ᠦᠨ ᠺᠣᠮᠫᠠᠨᠢ ᠶᠢᠨ ᠮᠡᠷᠭᠡᠵᠢᠯᠲᠡᠨ ᠯᠢᠶᠠᠩ ᠯᠧᠢ ᠡᠴᠡ ᠮᠡᠷᠭᠡᠵᠢᠯ ᠦᠨ ᠨᠡᠭᠡᠭᠡᠯᠲᠡ ᠶᠢᠨ ᠶᠠᠪᠤᠴᠠ ᠳᠤ ᠬᠢᠨᠠᠯᠲᠠ ᠬᠢᠭᠰᠡᠨ ᠬᠠᠷᠢᠭᠣ  ᠮᠡᠳᠡᠭᠦᠯᠣᠯᠲᠡ ᠬᠢᠪᠡ ᠃ᠰᠢᠰᠲ᠋ᠧᠮ ᠢ ᠮᠡᠷᠭᠡᠵᠢᠯᠲᠡᠨ ᠦ ᠪᠦᠯᠬᠦᠮ ᠡᠴᠡ  ᠨᠠᠷᠢᠨ ᠬᠢᠨᠠᠮᠠᠭᠠᠢ ᠪᠠᠷ ᠬᠢᠨᠠᠨ ᠪᠠᠳᠤᠯᠠᠬᠣ ᠠᠵᠢᠯ ᠬᠢᠵᠣ ᠂ ᠬᠠᠮᠣᠭ ᠰᠡᠭᠦᠯ ᠳᠦ ᠮᠡᠷᠭᠡᠵᠢᠯᠲᠡᠨ ᠦ ᠲᠤᠭᠤᠶᠢᠯᠠᠩ ᠤᠨ ᠲᠠᠷᠤᠭ᠎ᠠ  ᠦᠪᠦᠷ ᠮᠣᠩᠭᠣᠯ ᠤᠨ ᠶᠡᠭᠡ ᠰᠤᠷᠭᠠᠭᠣᠯᠢ ᠶᠢᠨ ᠨᠠᠰᠤᠨᠤ᠋ᠷᠲᠤ ᠫᠷᠦᠹᠧᠰᠰᠣᠷ ᠡᠴᠡ ᠬᠣᠣᠰ ᠬᠡᠯᠡᠨ ᠦ ᠣᠶᠣᠨᠴᠢ ᠰᠤᠷᠭᠠᠭᠤᠯᠢ ᠶᠢᠨ ᠬᠦᠷᠢᠶᠡᠨ ᠦ ᠰᠢᠰᠲ᠋ᠧᠮ  ᠠᠯᠢᠪᠠ ᠨᠡᠭᠡᠭᠡᠯᠲᠡ  ᠬᠢᠬᠦ ᠵᠣᠷᠢᠯᠭ᠎ᠠ ᠳᠤ ᠪᠠᠨ ᠬᠦᠷᠴᠤ ᠂  ᠮᠡᠷᠭᠡᠵᠢᠯ ᠦᠨ ᠪᠠᠷᠢᠮᠵᠢᠶ᠎ᠠ ᠂ ᠳᠦᠷᠢᠮᠰᠢᠯ ᠂ ᠱᠠᠭᠠᠷᠳᠠᠯᠭ᠎ᠠ ᠵᠡᠷᠭᠡ ᠳᠦ ᠬᠦᠷᠴᠣ ᠂ ᠬᠢᠨᠠᠨ ᠪᠠᠲᠣᠯᠠᠭᠳᠠᠭᠰᠠᠨ ᠢ ᠲᠤᠩᠬᠠᠭᠯᠠᠪᠠ ᠃

ᠬᠠᠮᠤᠭ ᠰᠡᠭᠦᠯ ᠳᠦ ᠦᠪᠦᠷ ᠮᠣᠩᠭᠣᠯ ᠤᠨ ᠶᠡᠭᠡ ᠰᠤᠷᠭᠠᠭᠣᠯᠢ ᠶᠢᠨ ᠨᠠᠰᠤᠨᠤ᠋ᠷᠲᠤ ᠫᠷᠦᠹᠧᠰᠰᠣᠷ ᠡᠴᠡ ᠰᠡᠳᠬᠢᠯ ᠳᠣᠭᠳᠤᠯᠤᠨ ᠬᠡᠯᠡᠭᠰᠡᠨ  ᠨᠢ ᠄ ᠲᠤᠰ ᠰᠢᠰᠲ᠋ᠧᠮ ᠦᠨ ᠮᠡᠨᠳᠦᠯᠡᠭᠰᠡᠨ  ᠨᠢ ᠮᠤᠩᠭᠣᠯ ᠦᠨᠳᠦᠰᠦᠳᠡᠨ ᠦ ᠲᠡᠣᠬᠡᠨ ᠬᠠᠭᠤᠳᠠᠰᠤᠨ᠎ᠠ ᠲᠡᠮᠳᠡᠭᠯᠡᠭᠦᠰᠢᠳᠡᠢ ᠴᠢᠬᠣᠯᠠ ᠨᠢᠭᠡᠨ ᠮᠡᠷᠭᠡᠵᠢᠯ ᠦᠨ ᠲᠠᠪᠰᠢᠯᠲᠠ ᠂ ᠮᠤᠩᠭᠣᠯ ᠰᠤᠷᠠᠭ ᠵᠠᠩᠭᠢ ᠰᠢᠢᠳᠪᠦᠷᠢᠯᠡᠬᠦ ᠠᠵᠢᠯ ᠤᠨ ᠴᠢᠬᠣᠯᠠ ᠠᠮᠵᠢᠯᠲᠠ ᠂ ᠮᠣᠩᠭᠣᠯ ᠰᠤᠷᠭᠠᠨ ᠬᠦᠮᠦᠵᠢᠯ ᠦᠨ ᠤᠳᠤᠬᠢᠴᠢᠯᠠᠯᠲᠡ ᠶᠢᠨ ᠤᠶᠢᠯᠡᠰ ᠲᠤ ᠦᠵᠡᠭᠦᠯᠡᠭᠰᠡᠨ ᠴᠢᠬᠣᠯᠠ ᠬᠤᠪᠢ ᠨᠡᠮᠡᠭᠦᠷᠢ ᠭᠡᠵᠤ ᠮᠠᠰᠢ ᠦᠨᠳᠦᠷ ᠢᠶᠡᠷ ᠦᠨᠡᠯᠡᠪᠡ ᠃ ᠦᠪᠦᠷ ᠮᠣᠩᠭᠣᠯ ᠤᠨ ᠪᠠᠭᠰᠢ ᠶᠢᠨ ᠶᠡᠭᠡ ᠰᠤᠷᠭᠠᠭᠣᠯᠢ ᠶᠢᠨ ᠴᠧᠨ ᠮᠧᠢ ᠫᠷᠦᠹᠧᠰᠰᠣᠷ ᠡᠴᠡ ᠮᠠᠨ ᠤ ᠰᠤᠷᠭᠠᠭᠤᠯᠢ  ᠨᠢ ᠤᠳᠤᠬᠢᠴᠢᠯᠠᠯᠲᠡ ᠶᠢᠨ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ ᠪᠦᠬᠦ ᠤᠷᠤᠨ ᠳᠤ ᠮᠠᠩᠯᠠᠶᠢᠯᠠᠵᠣ ᠂ ᠬᠠᠮᠢᠶ᠎ᠠ ᠪᠦᠬᠦᠢ ᠮᠡᠷᠭᠡᠵᠢᠯ ᠦᠨ ᠡᠭᠦᠳᠦᠯᠲᠡ  ᠨᠢ ᠴᠠᠭ ᠡᠷᠡᠨ ᠦ ᠱᠠᠭᠠᠷᠳᠠᠯᠭ᠎ᠠ ᠂ ᠮᠡᠷᠭᠡᠵᠢᠯ ᠦᠨ ᠱᠠᠭᠠᠷᠳᠠᠯᠭ᠎ᠠ ᠳᠤ ᠨᠡᠶᠢᠴᠡᠭᠰᠡᠨ ᠪᠠᠶᠢᠨ᠎ᠠ ᠬᠡᠵᠣ ᠮᠠᠭᠲᠠ ᠰᠡᠶᠢᠰᠢᠶᠠᠭᠰᠠᠨ ᠪᠠᠶᠢᠨ᠎ᠠ ᠃

ᠣᠷᠳᠣᠰ ᠬᠣᠲᠠ ᠶᠢᠨ ᠰᠤᠷᠭᠠᠨ ᠬᠦᠮᠦᠵᠢᠯ ᠦᠨ  ᠲᠣᠪᠴᠢᠶᠠᠨ ᠤ ᠦᠨᠳᠦᠰᠦᠲᠡᠨ ᠦ ᠰᠤᠷᠭᠠᠨ ᠬᠦᠮᠦᠵᠢᠯ ᠦᠨ ᠰᠠᠯᠠᠭᠠᠨ ᠤ ᠲᠠᠷᠤᠭ᠎ᠠ ᠮᠦᠩᠬᠡ ᠲᠤᠰ ᠰᠢᠰᠲ᠋ᠧᠮ ᠦᠨ ᠬᠢᠨᠠᠨ ᠪᠠᠳᠤᠯᠠᠬᠤ ᠠᠵᠢᠯ ᠲᠡᠭᠦᠰ ᠠᠮᠵᠢᠯᠲᠠ  ᠲᠡᠢ ᠪᠣᠯᠣᠭᠰᠠᠨ ᠳᠤ ᠪᠠᠶᠠᠷ ᠬᠦᠷᠭᠡᠵᠣ ᠂ ᠬᠣᠵᠢᠮ ᠵᠢᠭᠠᠨ ᠰᠤᠷᠭᠠᠬᠤ ᠤᠶᠢᠯᠡᠳᠦᠯᠭᠡ ᠳᠤ ᠲᠡᠭᠦᠨ ᠦ ᠤᠶᠢᠯᠡᠳᠦᠯ ᠢ ᠭᠦᠢᠴᠡᠳ ᠪᠠᠳᠠᠷᠠᠭᠤᠯᠬᠤ ᠶᠢ ᠤᠷᠢᠶᠠᠯᠠᠭᠰᠠᠨ ᠪᠠᠶᠢᠨ᠎ᠠ ᠃ ᠰᠤᠷᠭᠠᠭᠤᠯᠢ ᠶᠢᠨ ᠵᠠᠬᠢᠷᠤᠯ ᠰᠤᠷᠲᠠᠯᠳᠤ ᠠᠴᠠ ᠪᠦᠬᠦ ᠨᠡᠭᠡᠭᠡᠯᠲᠡ ᠳᠦ ᠤᠷᠤᠯᠴᠠᠭᠰᠠᠨ ᠮᠡᠷᠭᠡᠵᠢᠯᠲᠠᠨ ᠂ ᠪᠠᠭᠰᠢ ᠠᠵᠢᠯᠲᠠᠨ  ᠳᠤ ᠲᠠᠯᠠᠷᠬᠠᠯ ᠲᠡᠪᠰᠢᠭᠦᠯᠵᠣ ᠂ ᠮᠡᠷᠭᠡᠵᠢᠯ ᠦᠨ ᠬᠢᠨᠠᠨ ᠪᠠᠳᠤᠯᠠᠬᠤ ᠠᠵᠢᠯ ᠳᠤ  ᠤᠷᠤᠯᠴᠠᠭᠰᠠᠨ ᠦᠪᠦᠷ ᠮᠣᠩᠭᠣᠯ ᠤᠨ ᠤᠷᠬᠣᠨ ᠮᠡᠷᠭᠡᠵᠢᠯ ᠦᠨ ᠺᠣᠮᠫᠠᠨᠢ  ᠂ ᠪᠡᠭᠡᠵᠢᠩ ᠦᠨ ᠸᠠᠨ ᠪᠦᠧᠧ ᠤᠶᠤᠨᠯᠢᠭ  ᠵᠠᠩᠭᠢ ᠶᠢᠨ ᠮᠡᠷᠭᠡᠵᠢᠯ ᠦᠨ ᠺᠣᠮᠫᠠᠨᠢ ᠂ ᠦᠪᠦᠷ  ᠮᠣᠩᠭᠣᠯ ᠤᠨ ᠶᠡᠭᠡ ᠰᠤᠷᠭᠠᠭᠣᠯᠢ ᠶᠢᠨ ᠨᠠᠰᠤᠨᠤ᠋ᠷᠲᠤ ᠫᠷᠦᠹᠧᠰᠰᠣᠷ  ᠂ ᠦᠪᠦᠷ ᠮᠣᠩᠭᠣᠯ ᠤᠨ ᠪᠠᠭᠰᠢ ᠶᠢᠨ ᠶᠡᠭᠡ ᠰᠤᠷᠭᠠᠭᠣᠯᠢ ᠶᠢᠨ ᠴᠧᠨ ᠮᠧᠢ ᠫᠷᠦᠹᠧᠰᠰᠣᠷ ᠲᠤ ᠲᠠᠯᠠᠷᠬᠠᠯ ᠲᠡᠪᠰᠢᠭᠦᠯᠵᠣ ᠂ ᠬᠣᠶᠢᠰᠢᠲᠠ ᠰᠢᠰᠲ᠋ᠧᠮ ᠦᠨ ᠠᠰᠢᠭᠯᠠᠯᠲᠠ ᠶᠢ ᠠᠬᠢᠭᠣᠯᠵᠣ ᠂ ᠣᠳᠤᠬᠢᠴᠢᠯᠠᠭᠰᠠᠨ ᠰᠤᠷᠭᠠᠭᠤᠯᠢ ᠶᠢ ᠪᠦᠳᠦᠭᠡᠨ ᠪᠠᠶᠢᠭᠣᠯᠬᠣ ᠠᠵᠢᠯ ᠢ ᠨᠡᠩ ᠰᠡᠶᠢᠨ ᠬᠢᠬᠦ ᠲᠣᠬᠠᠢ ᠲᠦᠯᠦᠪᠵᠢᠭᠦᠯᠭᠡ ᠬᠢᠪᠡ ᠃

IMG_8817
IMG_8843
IMG_8860
IMG_8874
IMG_8901
IMG_8921
IMG_8928
IMG_8935
IMG_8956
IMG_8970
IMG_8983
IMG_9003
IMG_9014
IMG_9017
IMG_9039
IMG_9046
IMG_9104