Menu

ᠮᠠᠨ ‍ ᠣ ᠰᠤᠷᠭᠠᠭᠤᠯᠢ ᠶᠢᠨ ᠬᠤᠲᠠ ᠂ ᠤᠷᠤᠨ ‍ ᠣ ᠲᠡᠰ ᠦᠨ ᠬᠦᠳᠡᠯᠮᠦᠷᠢ  ᠶᠢᠨ ᠵᠢᠱᠢᠶᠡᠴᠢ

2018-05-03 / ᠵᠣᠷᠢᠭᠴᠡᠴᠡᠭ

(ᠤᠩᠰᠢᠭᠰᠠᠨ ᠤᠳᠠᠭ᠎ᠠ: 158 ᠤᠳᠠᠭ᠎ᠠ)

2018 ᠤᠨ ᠣ 4 ᠰᠠᠷ᠎ᠠ ᠶᠢᠨ 27 ᠡᠳᠦᠷ ᠤᠷᠳᠤᠰ ᠬᠤᠳᠠ ᠣᠨ ᠠᠵᠢᠯᠴᠢᠨ ᠣ ᠶᠡᠷᠦᠩᠬᠡᠢ ᠡᠪᠯᠡᠯ  ᠡᠴᠡ ︽ ᠢᠷᠠᠭᠤ ᠠᠯᠳᠠᠷᠳᠤ ᠬᠦᠳᠡᠯᠮᠦᠷᠢ ᠂ ᠰᠢᠨ᠎ᠡ ᠡᠷᠢᠨ  ᠣ ᠦᠢᠯᠡᠰ ︾ ᠭᠡᠬᠦ 2018 ᠤᠨ  ᠣ ᠤᠷᠳᠤᠰ ᠬᠤᠳᠠ  ᠶᠢᠨ ︽ 5·1 ︾ ᠣ ᠲᠡᠯᠡᠬᠡᠢ  ᠶᠢᠨ ᠬᠦᠳᠡᠯᠮᠦᠷᠢᠴᠢᠳ ᠣᠨ ᠪᠠᠶᠠᠷ  ᠢ ᠪᠡᠯᠭᠡᠯᠡᠬᠦ ᠰᠠᠶᠢᠰᠢᠶᠠᠨ ᠭᠦᠬᠢᠭᠦᠯᠬᠦ ᠶᠡᠬᠡ ᠬᠤᠷᠠᠯ  ᠢ ᠬᠢᠵᠤ ᠂ ᠠᠵᠢᠯᠳᠠᠨ  ᠣ ᠤᠷᠠᠯᠢᠭ ᠣᠨ ᠬᠠᠷᠢᠭᠤ ᠮᠡᠳᠡᠭᠦᠯᠦᠯᠳᠡ ᠶᠢᠨ ᠲᠤᠭᠯᠠᠯᠳᠠ ᠶᠢ ᠵᠤᠬᠢᠶᠠᠨ ᠪᠠᠶᠢᠭᠤᠯᠤᠭᠰᠠᠨ ᠪᠠᠶᠢᠨ᠎ᠠ ᠃

ᠬᠤᠷᠠᠯ ᠲᠡᠭᠡᠷ᠎ᠡ ᠤᠯᠤᠰ ᠂ ᠤᠷᠤᠨ ᠂ ᠬᠤᠳᠠ  ᠶᠢᠨ ᠲᠡᠰ  ᠣᠨ ︽ 5·1 ︾ ᠣ ᠬᠦᠳᠡᠯᠮᠦᠷᠢ  ᠶᠢᠨ ᠵᠢᠱᠢᠶᠡᠴᠢ ᠂ ᠬᠤᠳᠠ ᠶᠢᠨ ᠲᠡᠰ  ᠣᠨ ᠤᠷᠠᠨ ᠲᠠᠷᠬᠠᠳ ᠪᠠ ᠬᠦᠳᠡᠯᠮᠦᠷᠢ  ᠶᠢᠨ ᠵᠢᠱᠢᠶᠡᠴᠢ ᠬᠠᠮᠳᠤ ᠨᠢᠭᠡᠴᠢ᠂ ᠠᠵᠢᠯᠳᠠᠨ  ᠤ ᠬᠤᠰᠢᠭᠤᠴᠢ ᠵᠡᠷᠭᠡ ᠳ᠋ᠥ ᠱᠠᠩᠨᠠᠯ ᠭᠠᠷᠳᠠᠭᠤᠯᠬᠤ ᠶᠤᠰᠤᠯᠠᠯ  ᠢ ᠭᠦᠢᠴᠡᠳᠭᠡᠪᠡ ᠃ ᠲᠠᠷᠠᠭ᠎ᠠ  ᠨᠢ ᠡᠯ᠎ᠡ ᠬᠤᠰᠢᠭᠤ ᠂ ᠠᠵᠤ ᠠᠬᠤᠶᠢᠯᠠᠯ  ᠡᠴᠡ ᠪᠡᠯᠡᠳᠬᠡᠭᠰᠡᠨ ᠠᠷᠪᠠᠨ ᠭᠤᠷᠪᠠᠨ ᠲᠤᠭᠯᠠᠯᠳᠠ  ᠶᠢ ᠰᠤᠨᠢᠷᠬᠠᠭᠤᠯᠪᠠ᠃

ᠮᠠᠨ ᠣ ᠰᠤᠷᠭᠠᠭᠤᠯᠢ  ᠶᠢᠨ ᠠᠯᠳᠠᠨᠴᠢᠯᠠᠭᠤ ᠪᠠᠭᠰᠢ ᠤᠷᠤᠨ ᠣ ᠲᠡᠰ ᠣᠨ ᠬᠦᠳᠡᠯᠮᠦᠷᠢ ᠶᠢᠨ ᠵᠢᠱᠢᠶᠡᠴᠢ ᠂ ᠲᠤᠷᠵᠢ ᠪᠠᠭᠰᠢ ᠬᠤᠳᠠ ᠶᠢᠨ ᠲᠡᠰ ᠣᠨ ᠬᠦᠳᠡᠯᠮᠦᠷᠢ ᠶᠢᠨ ᠵᠢᠱᠢᠶᠡᠴᠢ  ᠵᠢᠨ ᠢᠷᠠᠭᠤ ᠠᠯᠳᠠᠷ ᠢ ᠬᠦᠷᠳᠡᠭᠰᠡᠨ ᠪᠠᠶᠢᠨ᠎ᠠ ᠃

ᠠᠵᠢᠯᠴᠢᠨ ᠣ ᠡᠪᠯᠡᠯ ᠮᠡᠳᠡᠭᠡᠯᠡᠪᠡ
2018 ᠤᠨ ᠣ 4 ᠰᠠᠷ᠎ᠠ ᠶᠢᠨ 28  ᠣ ᠡᠳᠦᠷ