Menu

ᠰᠢᠨ᠎ᠡ ᠶᠢ ᠡᠭᠦᠳᠬᠦ ᠰᠤᠶᠤᠯ ᠢ ᠤᠷᠢᠶᠠᠯᠠᠵᠤ᠂ ᠮᠡᠳᠡᠯᠭᠡ ᠶᠢᠨ ᠦᠮᠴᠢᠯᠡᠬᠦ ᠡᠷᠬᠡ ᠶᠢ ᠬᠦᠨᠳᠦᠳᠬᠡᠶ᠎ᠡ

2018-04-28 / ᠮᠦᠨᠭᠬᠡᠪᠠᠭᠠᠳᠤᠷ

(ᠤᠩᠰᠢᠭᠰᠠᠨ ᠤᠳᠠᠭ᠎ᠠ: 191 ᠤᠳᠠᠭ᠎ᠠ)

ᠮᠠᠨ ᠤ ᠰᠤᠷᠭᠠᠭᠤᠯᠢ4 ᠰᠠᠷ᠎ᠠ ᠶᠢᠨ20- 4 ᠰᠠᠷ᠎ᠠ ᠶᠢᠨ26 ᠪᠤᠯᠳᠠᠯ᠎ᠠ︽ ᠰᠢᠨ᠎ᠡ ᠶᠢ ᠡᠭᠦᠳᠬᠦ ᠰᠤᠶᠤᠯ ᠢ ᠤᠷᠢᠶᠠᠯᠠᠵᠤ᠂ ᠮᠡᠳᠡᠯᠭᠡ ᠶᠢᠨ ᠦᠮᠴᠢᠯᠡᠬᠦ ᠡᠷᠬᠡ ᠶᠢ ᠬᠦᠨᠳᠦᠳᠬᠡᠬᠦ︾ ᠲᠤᠰᠬᠠᠢ ᠰᠡᠳᠦᠪᠳᠤ ᠭᠠᠷᠠᠭ ᠤᠨ ᠠᠵᠢᠯᠯᠠᠭ᠎ᠠ ᠦᠷᠨᠢᠭᠦᠯᠪᠡ᠃ ᠡᠨᠡ ᠵᠢᠯ ᠦᠨ4 ᠰᠠᠷ᠎ᠠ ᠶᠢᠨ26 ᠪᠣᠯ ᠲᠡᠯᠡᠭᠡᠢ ᠶᠢᠨ18  ᠬᠤᠭᠤᠴᠠᠭᠠᠨ ᠤ ᠮᠡᠳᠡᠯᠭᠡ ᠶᠢᠨ ᠦᠮᠴᠢᠯᠡᠬᠦ ᠡᠷᠬᠡ ᠶᠢᠨ ᠡᠳᠦᠷ ᠪᠤᠯᠤᠨ᠎ᠠ᠃ ᠲᠤᠰ ᠤᠳᠠᠭᠠᠨ ᠤ ᠠᠵᠢᠯᠯᠠᠭᠠᠨ ᠳᠤ ᠮᠡᠳᠡᠯᠭᠡ ᠶᠢᠨ ᠦᠮᠴᠢᠯᠡᠬᠦ ᠡᠷᠬᠡ ᠶᠢ ᠬᠦᠨᠳᠦᠳᠬᠡᠵᠤ᠂ ᠴᠢᠳᠠᠪᠦᠷᠢᠳᠠᠨ ᠢ ᠬᠦᠨᠳᠦᠳᠬᠡᠵᠣ᠂ ᠰᠤᠷᠤᠭᠴᠢᠳ ᠢ  ᠬᠠᠷᠠᠬᠠᠨ ᠪᠠᠭ᠎ᠠ ᠠᠴᠠ ᠪᠠᠨ ᠡᠭᠦᠳᠦᠯᠲᠡ ᠨᠡᠭᠡᠭᠡᠯᠲᠡ ᠳᠦ ᠲᠣᠷ᠎ᠠ ᠪᠠᠬ᠎ᠠ  ᠲᠡᠢ ᠪᠣᠯᠭᠠᠵᠤ᠂ ᠡᠬᠦᠳᠬᠦ ᠴᠢᠳᠠᠪᠤᠷᠢ᠂ ᠤᠷ᠎ᠠ ᠳᠡᠮ᠂ ᠴᠢᠳᠠᠪᠦᠷᠢᠲᠠᠨ ᠢ ᠬᠦᠨᠳᠦᠳᠬᠡᠬᠦ ᠦᠵᠡᠯ ᠤᠬᠠᠮᠰᠠᠷ  ᠲᠡᠢ ᠪᠤᠯᠭᠠᠵᠤ᠂  ᠰᠣᠷᠣᠯᠭ᠎ᠠ ᠠᠮᠢᠳᠤᠷᠠᠯ ᠳᠠᠭᠠᠨ ᠦᠢᠯᠡᠳᠦᠯᠭᠡ ᠳᠦ ᠤᠷᠤᠯᠴᠠᠨ᠂  ᠠᠮᠢᠳᠤᠷᠠᠯ ᠳᠤ ᠭᠦᠨᠵᠡᠭᠡᠶᠢᠷᠡᠵᠤ᠂   ᠣᠷᠢ ᠵᠠᠯᠠᠭᠤ ᠨᠠᠰᠤᠨ ᠤ ᠭᠠᠯ ᠴᠣᠭ ᠰᠢᠭ ᠤᠷᠬᠢᠯᠤᠮ᠎ᠠ ᠰᠡᠳᠬᠢᠯᠭᠡ ᠪᠡᠨ ᠰᠢᠨ᠎ᠡ ᠶᠢ ᠡᠬᠦᠳᠬᠦ ᠠᠤᠭ᠎ᠠ  ᠦᠢᠯᠡᠰ  ᠲᠡᠢ ᠤᠶᠠᠯᠳᠤᠭᠤᠯᠬᠤ ᠶᠢ ᠤᠷᠢᠶᠠᠯᠠᠪᠠ᠃

ᠲᠤᠰ ᠤᠳᠠᠭᠠᠨ ᠤ ᠠᠵᠢᠯᠯᠠᠭᠠᠨ   ᠨᠢ ᠰᠤᠷᠭᠠᠭᠤᠯᠢ ᠶᠢᠨ ᠰᠢᠨᠵᠢᠯᠡᠬᠦ ᠤᠬᠠᠭᠠᠨ ᠤ ᠣᠷᠳᠣᠨ ᠳᠦ ᠶᠠᠪᠤᠭᠳᠠᠵᠤ᠂  ᠠᠩᠬ᠎ᠠ ᠨᠢᠭᠡ᠂ ᠠᠩᠬ᠎ᠠ ᠬᠤᠶᠠᠷ᠂ ᠳᠡᠭᠡᠳᠤ ᠨᠢᠭᠡ᠂ ᠳᠡᠭᠡᠳᠤ ᠬᠤᠶᠠᠷ ᠤᠨ ᠰᠤᠷᠤᠭᠴᠢᠳ ᠦᠪᠡᠷ ᠦᠨ ᠰᠢᠨᠵᠢᠯᠡᠬᠦ ᠤᠬᠠᠭᠠᠨ ᠤ ᠪᠠᠭ᠎ᠠ ᠪᠦᠳᠦᠭᠡᠯ᠂ ᠪᠠᠭ᠎ᠠ ᠡᠭᠦᠳᠦᠯᠲᠠ ᠪᠠᠷ ᠣᠷᠣᠯᠴᠠᠵᠣ᠂  ᠨᠡᠶᠢᠲᠡ  ᠵᠠᠭᠤ  ᠭᠠᠷᠣᠢ ᠪᠦᠳᠦᠭᠡᠯ  ᠰᠣᠩᠭᠣᠭᠳᠠᠭᠰᠠᠨ ᠪᠠᠢᠨ᠎ᠠ᠃

ᠡᠭᠦᠨ ᠳᠦ ᠤᠶᠣᠳᠤ ᠮᠠᠰᠢᠨ ᠬᠦᠮᠦᠨ᠂ ᠮᠣᠳᠤᠨ ᠳᠠᠷᠬᠠᠨ᠂  ᠡᠯᠧᠺᠲ᠋ᠷᠣᠨ  ᠲᠧᠭᠨᠢᠭ ᠂ ᠸᠠᠭᠠᠷ ᠤᠷᠠᠯᠠᠯ ᠂ ᠫᠷᠦᠭᠷᠡᠮ ᠂VR ᠂AR  ᠪᠦᠲᠦᠭᠡᠭᠳᠡᠬᠦᠨ ᠂ ᠪᠡᠶᠡᠳᠤ ᠲᠦᠰᠦᠪᠯᠡᠯ3D ᠲᠠᠷᠣᠮᠯᠠᠬᠤ ᠮᠠᠰᠢᠨ ᠂ ᠭᠠᠷ ᠤᠷᠠᠯᠠᠯ ᠂ ᠲᠠᠮᠠᠭ᠎ᠠ ᠰᠡᠶᠢᠯᠡᠮᠡᠯ ᠂ ᠵᠠᠭᠤᠴᠢ ᠮᠡᠷᠭᠡᠵᠢᠯ ᠂ ᠰᠤᠷᠭᠠᠭᠤᠯᠢ ᠶᠢᠨ ᠬᠦᠷᠢᠶᠡᠨ ᠦ ᠵᠢᠭᠠᠬᠣ  ᠮᠠᠲ᠋ᠧᠷᠢᠶᠠᠯ ᠵᠡᠷᠭᠡ ᠤᠯᠠᠨ ᠲᠦᠷᠦᠯ ᠵᠦᠢᠯ ᠦᠨ ᠪᠦᠳᠦᠭᠡᠯ ᠲᠡᠯᠭᠡᠭᠳᠡᠭᠰᠡᠨ ᠪᠠᠶᠢᠨ᠎ᠠ ᠃

ᠡᠨᠡᠬᠦ ᠠᠵᠢᠯᠯᠠᠭᠠᠨ ᠳᠤ ᠰᠢᠨᠵᠢᠯᠡᠬᠦ ᠣᠬᠠᠭᠠᠨ ᠤ ᠲᠣᠪᠴᠢᠶᠠᠨ ᠤ ᠰᠦᠩ ᠡᠷᠬᠢᠯᠡᠭᠴᠢ ᠬᠠᠮᠢᠶ᠎ᠠ ᠪᠦᠬᠦᠢ ᠰᠤᠷᠭᠠᠭᠤᠯᠢ ᠶᠢᠨ ᠪᠠᠭᠰᠢᠨᠠᠷ ᠢ ᠵᠤᠬᠢᠶᠠᠨ ᠪᠠᠶᠢᠭᠤᠯᠵᠤ ᠂  ᠮᠠᠨ ᠤ ᠰᠤᠷᠭᠠᠭᠣᠯᠢ ᠳᠤ  ᠲᠤᠭᠤᠷᠢᠨ ᠦᠵᠡᠵᠤ ᠂ ᠦᠨᠡᠯᠡᠯᠲᠡ ᠬᠢᠭᠰᠡᠨ ᠪᠠᠶᠢᠨ᠎ᠠ ᠃

IMG_6841
IMG_6882
IMG_6900
IMG_6934
IMG_6981
IMG_6986
IMG_7039
IMG_7052
IMG_7023
IMG_7041
7S1A6826
7S1A6842
7S1A6865
7S1A6885
7S1A6895
7S1A6903
7S1A6908
7S1A6930
7S1A6954
7S1A6960
7S1A6974
7S1A6976
7S1A6981
7S1A6988
IMG_6869