Menu

︽ ᠮᠢᠨᠤ ᠤᠩᠰᠢᠭᠰᠠᠨ ᠪᠠᠬᠠᠷᠬᠠᠯᠲᠤ ᠮᠤᠩᠭᠤᠯ ᠲᠡᠥᠬᠡ ︾ ᠶᠢᠨ ᠠᠩᠬ᠎ᠠ ᠳᠤᠮᠳᠠᠳᠤ  ᠳᠡᠬᠢ ᠲᠠᠨᠢᠯᠴᠠᠭᠤᠯᠭ᠎ᠠ ᠶᠢᠨ ᠬᠤᠷᠠᠯ

2018-01-09 / 798291220

(ᠤᠩᠰᠢᠭᠰᠠᠨ ᠤᠳᠠᠭ᠎ᠠ: 119 ᠤᠳᠠᠭ᠎ᠠ)

2018 ᠣᠨ ᠤ 1 ᠰᠠᠷ᠎ᠠ ᠶᠢᠨ 4 ᠡᠳᠦᠷ ᠦᠨ ᠦᠳᠡ ᠶᠢᠨ ᠬᠤᠶᠢᠨ᠎ᠠ ᠶᠢᠨ ᠬᠢᠴᠢᠶᠡᠯ  ᠦᠨ ᠭᠠᠳᠠᠨᠠᠬᠢ ᠬᠦᠳᠡᠯᠬᠡᠬᠡᠨ ᠦ ᠴᠠᠭ ᠢ ᠠᠰᠢᠭᠯᠠᠨ ᠂ ᠠᠩᠬ᠎ᠠ ᠳᠤᠮᠳᠠᠳᠤ ᠶᠢᠨ ᠪᠦᠬᠦ ᠰᠤᠷᠤᠭᠴᠢ ᠨᠦᠬᠦᠳ ᠡᠴᠡ ᠳᠡᠭᠡᠳᠦ 215 ᠳ᠋ᠤᠭᠠᠷ ᠪᠦᠯᠦᠭ ᠦᠨ ᠬᠦᠰᠡᠯᠡᠩ ᠢ ᠤᠷᠢᠵᠤ ᠂ ᠦᠪᠡᠷ ᠦᠨ ᠨᠣᠮ ᠪᠢᠴᠢᠭᠰᠡᠨ ᠦ ᠳᠠᠷᠠᠭᠠᠬᠢ ᠤᠯᠤᠯᠲᠠ ᠲᠦᠷᠦᠭᠲᠡᠯ ᠢᠶᠠᠨ ᠲᠠᠨᠢᠯᠴᠠᠭᠤᠯᠬᠤ ᠬᠦᠳᠡᠯᠬᠡᠬᠡᠨ ᠢ ᠶᠠᠪᠤᠭᠤᠯᠪᠠ ᠃ ᠲᠤᠰ 50 ᠮᠢᠨᠦᠲ ᠤᠨ ᠶᠠᠷᠢᠶᠠᠨ ᠳᠤ ᠬᠦᠰᠡᠯᠡᠩ ᠡᠴᠡ ᠨᠣᠮ ᠪᠢᠴᠢᠭᠰᠡᠨ ᠵᠣᠷᠢᠯᠭ᠎ᠠ ᠂ ᠬᠡᠷᠬᠢᠨ ᠪᠢᠴᠢᠭᠰᠡᠨ ᠂ ᠲᠤᠯᠭᠠᠷᠠᠭᠰᠠᠨ ᠠᠰᠠᠭᠤᠳᠠᠯ ᠬᠦᠴᠢᠷᠳᠡᠯᠬᠡ ᠪᠠᠨ ᠬᠡᠷᠬᠢᠨ ᠰᠢᠢᠳᠪᠦᠷᠢᠯᠡᠭᠰᠡᠨ ᠂ ᠡᠬᠦᠨ ᠦ ᠳᠤᠮᠳᠠ ᠠᠴᠠ ᠶᠠᠭᠤ ᠶᠠᠭᠤ ᠶᠢ ᠣᠯᠵᠣ ᠰᠤᠷᠤᠭᠰᠠᠨ ᠵᠡᠷᠭᠡ ᠪᠠᠨ ᠠᠩᠬ᠎ᠠ ᠳᠤᠮᠳᠠᠳᠤ ᠶᠢᠨ ᠤᠯᠠᠨ ᠳᠡᠬᠦᠦ ᠨᠠᠷ  ᠲᠠᠭᠠᠨ ᠬᠤᠪᠢᠶᠠᠯᠴᠠᠭᠰᠠᠨ ᠪᠠᠶᠢᠨ᠎ᠠ ᠃ ᠬᠦᠳᠡᠯᠬᠡᠬᠡᠨ ᠦ ᠳᠤᠮᠳᠠ ᠬᠦᠰᠡᠯᠡᠩ ᠪᠠᠰᠠ ᠠᠰᠠᠭᠤᠯᠲᠠ ᠶᠢᠨ ᠬᠡᠯᠪᠡᠷᠢ  ᠪᠠᠷ ᠰᠤᠷᠤᠭᠴᠢᠳ ᠢ ᠢᠳᠡᠪᠬᠢᠯᠡᠨ ᠲᠠᠶᠢᠴᠢᠯᠠᠭᠰᠠᠨ ᠮᠦᠷᠲᠡᠭᠡᠨ ᠵᠤᠷᠢᠭᠲᠠᠢ  ᠪᠠᠷ ᠠᠰᠠᠭᠤᠯᠲᠠ ᠬᠠᠷᠢᠭᠤᠯᠤᠭᠰᠠᠨ ᠰᠤᠷᠤᠭᠴᠢᠳ ᠲᠤ ᠦᠪᠡᠷ ᠦᠨ ᠨᠣᠮ ᠢᠶᠠᠨ ᠬᠠᠷᠠᠮ ᠦᠬᠡᠢ ᠪᠡᠯᠡᠭᠯᠡᠪᠡ ᠃

ᠬᠦᠳᠡᠯᠬᠡᠬᠡᠨ ᠦ ᠳᠠᠷᠠᠭ᠎ᠠ ᠂ ᠠᠩᠬ᠎ᠠ ᠳᠤᠮᠳᠠᠳᠤ ᠶᠢᠨ ᠰᠤᠷᠤᠭᠴᠢᠳ ᠢᠳᠡᠪᠬᠢᠲᠡᠢ ᠲᠠᠢ ᠪᠠᠷ ︿︿ ᠮᠢᠨᠤ ᠤᠩᠰᠢᠭᠰᠠᠨ ᠪᠠᠬᠠᠷᠬᠠᠯᠲᠤ ᠮᠤᠩᠭᠤᠯ ᠲᠡᠥᠬᠡ ﹀﹀ ᠨᠣᠮ ᠤᠨ ᠲᠤᠬᠠᠢ ᠠᠰᠠᠭᠤᠨ ᠯᠠᠪᠯᠠᠵᠤ ᠂ ᠬᠦᠰᠡᠯᠡᠩ ᠢᠶᠠᠷ ᠭᠠᠷ ᠤᠨ ᠦᠰᠦᠭ ᠪᠤᠯᠢᠶᠠᠯᠳᠤᠨ ᠵᠢᠷᠤᠭᠤᠯᠵᠤ᠂ ᠲᠤᠰ ᠤᠳᠠᠭᠠᠨ ᠤ  ᠬᠦᠳᠡᠯᠭᠡᠭᠡᠨ ᠠᠮᠵᠢᠯᠳᠠᠳᠠᠢ ᠲᠠᠢ ᠦᠨᠳᠦᠷᠯᠡᠪᠡ᠃

 

 

IMG_0322
IMG_0325
IMG_0326
IMG_0353
IMG_0354
IMG_0355
 
IMG_0374
IMG_0375
IMG_0376
IMG_0377
IMG_0378
IMG_0379
IMG_0380
IMG_0293