Menu

ᠨᠤᠮ ᠤᠨ ᠬᠤᠷᠭᠤ

2017-12-31 / ᠮᠦᠩᠭᠦᠨᠴᠡᠴᠡᠭ

(ᠤᠩᠰᠢᠭᠰᠠᠨ ᠤᠳᠠᠭ᠎ᠠ: 187 ᠤᠳᠠᠭ᠎ᠠ)

ᠰᠤᠷᠤᠭᠴᠢᠳ ᠤᠨ ᠰᠠᠶᠢᠨ ᠬᠠᠪᠰᠤᠷᠤᠭᠴᠢ ~ ~ ᠨᠤᠮ ᠤᠨ ᠬᠤᠷᠭᠤ

ᠲᠤᠰ  ᠬᠤᠭᠤᠴᠠᠭ᠎ᠠ ᠂  ᠲᠡᠭᠡᠳᠤ ᠬᠤᠶᠠᠷ ᠤᠨ ᠤᠨ ᠤ ᠲᠤᠭᠤᠶᠢᠯᠠᠩ ᠤᠨ  ᠬᠢᠨ  ᠰᠤᠷᠤᠭᠴᠢ  ᠶᠢᠨ ᠰᠢᠷᠡᠭᠡᠨ  ᠨᠢᠭᠤᠷ ᠲᠡᠭᠡᠷ᠎ᠡ  ᠨᠤᠮ ᠤᠪᠤᠭᠠᠷᠠᠭᠰᠠᠨ ᠦᠵᠡᠭᠳᠡᠯ ᠳᠦ  ᠴᠢᠭᠯᠡᠭᠦᠯᠵᠤ ᠂  ᠵᠢᠵᠢᠭ ᠨᠤᠮ ᠤᠨ ᠬᠤᠷᠭᠤ  ᠶᠢ ᠦᠪᠡᠷᠲᠡᠭᠡᠨ ᠬᠢᠬᠦ ᠪᠤᠶᠤ ᠬᠤᠳᠠᠯᠳᠤᠨ ᠠᠪᠤᠭᠰᠠᠨ ᠪᠠᠶᠢᠨ᠎ᠠ ᠃

ᠰᠤᠷᠤᠭᠴᠢᠳ ᠤᠨ ᠨᠤᠮ ᠤᠨ ᠬᠤᠷᠭᠤ  ᠨᠢ ᠲᠤᠤᠷᠠᠬᠢ ᠮᠡᠲᠤ ᠤᠨᠴᠠᠯᠢᠭ ᠪᠤᠢ ᠃

  1. ᠪᠠᠭᠳᠠᠭᠠᠮᠵᠢ ᠶᠡᠬᠡ ᠂ ᠲᠡᠭᠡᠲᠤ ᠲᠤᠮᠲᠠᠲᠤ ᠶᠢᠨ ᠬᠢᠴᠢᠶᠡᠯ ᠦᠨ ᠨᠤᠮ ᠠᠷᠪᠢᠨ ᠪᠠᠶᠢᠵᠤ ᠂ᠰᠤᠷᠤᠭᠴᠢᠳ ᠨᠤᠮ ᠢᠶᠠᠨ ᠲᠢᠭᠯᠡᠨ ᠲᠠᠯᠪᠢᠬᠤ ᠤᠷᠤᠨ ᠵᠠᠢ ᠦᠭᠡᠢ  ᠃ ᠨᠤᠮ ᠤᠨ ᠬᠤᠷᠭᠤ ᠬᠢᠭᠰᠡᠨ ᠡᠴᠡ ᠬᠤᠶᠢᠰᠢ ᠂ ᠡᠶᠢᠮᠦᠷᠭᠦᠤ ᠠᠰᠠᠭᠤᠳᠠᠯ ᠦᠨᠳᠦᠰᠦᠨ ᠳᠦ  ᠪᠡᠨ ᠰᠢᠢᠳᠪᠤᠷᠢᠯᠡᠭᠳᠡᠪᠡ᠃
  2. ᠡᠵᠡᠯᠡᠬᠦ ᠵᠠᠢ ᠪᠠᠭ᠎ᠠ ᠂ ᠰᠢᠯᠭᠠᠯᠲᠠ ᠬᠢᠬᠦ ᠬᠤᠭᠤᠴᠠᠭᠠᠨ ᠳᠤ ᠨᠤᠮ ᠰᠤᠲᠤᠷ ᠢᠶᠠᠨ ᠪᠠᠭᠰᠢ ᠶᠢᠨ ᠲᠠᠶᠢᠰᠠ ᠪᠤᠶᠤ ᠲᠡᠮᠤᠷ ᠠᠪᠳᠠᠷ᠎ᠠ ᠲᠡᠭᠡᠷ᠎ᠡ ᠡᠷᠤᠢ ᠬᠤᠷᠤᠢ ᠦᠭᠡᠢ ᠤᠪᠤᠭᠠᠯᠠᠬᠤ ᠦᠵᠡᠭᠳᠡᠯ ᠢ ᠦᠬᠡᠶᠢᠰᠭᠡᠵᠤ ᠂ ᠨᠤᠮ ᠤᠨ ᠬᠤᠷᠭᠤ ᠪᠠᠨ ᠭᠤᠳᠤᠮᠵᠢ ᠳᠤ  ᠵᠡᠷᠭᠡᠴᠡᠭᠦᠯᠦᠨ ᠲᠠᠯᠪᠢᠬᠤ ᠳᠤ ᠭᠤᠶᠤ ᠬᠠᠷᠠᠭᠳᠠᠬᠤ ᠪᠣᠯᠪᠠ ᠃
  3. ᠰᠢᠯᠵᠢᠭᠦᠯᠬᠦ ᠳᠦ ᠳᠦᠭᠦᠮ ᠂ ᠪᠠᠭᠰᠢ ᠂ ᠰᠤᠷᠤᠭᠴᠢᠳ ᠨᠤᠮ ᠤᠨ ᠬᠤᠷᠭᠤ  ᠪᠡᠨ ᠲᠤᠤᠷ᠎ᠠ ᠪᠠᠨ ᠬᠦᠷᠳᠤ  ᠲᠠᠢ ᠲᠦᠰᠦᠪᠯᠡᠭᠰᠡᠨ ᠡᠴᠡ ᠂ ᠡᠯ᠎ᠡ ᠲᠡᠰᠢ ᠪᠡᠨ ᠡᠷᠭᠢᠭᠦᠯᠵᠤ ᠲᠦᠯᠬᠢᠬᠦ ᠳᠦ ᠶᠡᠬᠡ ᠲᠦᠭᠦᠮ ᠪᠤᠯᠤᠭᠰᠠᠨ ᠪᠠᠶᠢᠨ᠎ᠠ ᠃

ᠠᠩᠭᠢ ᠨᠢᠭᠡ ᠪᠦᠷᠢ ᠶᠢᠨ ᠦᠪᠡᠷ ᠦᠨ  ᠬᠢᠭᠰᠡᠨ ᠪᠤᠶᠤ ᠬᠤᠳᠠᠯᠳᠤᠨ ᠠᠪᠤᠭᠰᠠᠨ ᠨᠤᠮ ᠤᠨ ᠬᠤᠷᠭᠤ  ᠨᠢ  ᠨᠢᠭᠡᠳᠤᠯᠲᠡᠢ ᠦᠩᠭᠡ ᠪᠤᠳᠤᠭ  ᠲᠠᠢ ᠪᠠᠶᠢᠵᠤ ᠂ ᠤᠨᠴᠠᠯᠢᠭ ᠢᠶᠠᠨ ᠪᠠᠳᠠᠷᠠᠭᠤᠯᠬᠤ ᠶᠢᠨ ᠲᠤᠰᠠᠲᠠ ᠬᠡ ᠤᠭᠠᠯᠵᠠ ᠂ ᠠᠩᠭᠢ ᠶᠢᠨ ᠰᠦᠯᠲᠡ ᠵᠡᠷᠭᠡ ᠵᠦᠢᠯᠡᠰ ᠢᠶᠡᠷ ᠴᠢᠮᠡᠭᠯᠡᠵᠤ ᠂ ᠠᠩᠭᠢ ᠶᠢᠨ ᠭᠡᠷ ᠦᠨ ᠤᠷᠤᠨ ᠵᠠᠢ ᠶᠢ ᠲᠤᠬᠢᠯᠢᠭ ᠠᠰᠢᠭᠯᠠᠵᠤ᠂ᠰᠤᠷᠤᠯᠴᠠᠬᠤ ᠤᠷᠴᠢᠨ ᠲᠤᠭᠤᠷᠢᠨ ᠢ ᠦᠵᠡᠮᠵᠢᠳᠠᠢ ᠰᠠᠶᠢᠬᠠᠨ ᠨᠡᠩ  ᠪᠤᠯᠭᠠᠵᠤ ᠴᠢᠳᠠᠪᠠ ᠃  ᠮᠦᠨ ᠴᠤ ᠰᠤᠷᠤᠭᠴᠢᠳ ᠲᠤ ᠨᠡᠩ ᠶᠡᠬᠡ ᠪᠢᠴᠢᠵᠤ ᠵᠢᠷᠤᠬᠤ ᠤᠷᠤᠨ ᠵᠠᠢ ᠶᠢ ᠭᠠᠷᠭᠠᠵᠤ ᠦᠭᠪᠡ ᠃

ᠨᠤᠮ ᠤᠨ ᠬᠤᠷᠭᠤ ᠬᠢᠭᠰᠡᠨ ᠨᠢ ᠪᠠᠭᠰᠢ ᠰᠤᠷᠤᠭᠴᠢᠳ ᠤᠨ ᠬᠠᠮᠲᠤᠷᠠᠨ ᠠᠵᠢᠯᠯᠠᠭᠰᠠᠨ ᠤ ᠰᠠᠶᠢᠨ ᠲᠠᠯ᠎ᠠ ᠶᠢ ᠢᠯᠡᠷᠡᠭᠦᠯᠵᠤ ᠂ ᠰᠢᠨ᠎ᠡ ᠶᠢ ᠡᠭᠦᠳᠬᠦ ᠵᠤᠷᠢᠭ ᠰᠠᠨᠠᠭ᠎ᠠ ᠶᠢ  ᠪᠠᠳᠠᠷᠠᠭᠤᠯᠤᠭᠰᠠᠨ ᠮᠦᠷᠲᠡᠭᠡᠨ ᠰᠤᠷᠤᠭᠴᠢᠳ ᠤᠨ ᠭᠠᠷ ᠬᠦᠳᠡᠯᠵᠤ ᠡᠭᠦᠳᠤᠨ ᠪᠦᠲᠦᠭᠡᠬᠦ ᠂ ᠦᠪᠡᠷ ᠦᠨ ᠨᠤᠮ ᠰᠤᠳᠤᠷ ᠢᠶᠠᠨ ᠲᠢᠭᠯᠡᠵᠦ ᠬᠤᠷᠢᠶᠠᠬᠤ ᠳᠤ ᠶᠡᠬᠡ ᠬᠠᠪᠰᠤᠷᠤᠮᠵᠢ ᠪᠤᠯᠵᠤ ᠴᠢᠳᠠᠪᠠ ᠃ ᠬᠦᠰᠡᠬᠦ  ᠨᠢ ᠰᠤᠷᠤᠭᠴᠢᠳ ᠪᠡᠶ᠎ᠡ ᠪᠡᠨ ᠲᠠᠭᠠᠭᠠᠨ ᠰᠢᠨ᠎ᠡ ᠶᠢ ᠡᠭᠦᠳᠬᠦ ᠶᠢ ᠰᠤᠷᠭᠠᠭᠤᠯᠢ ᠶᠢᠨ ᠬᠦᠷᠢᠶᠡᠨ ᠦ ᠰᠢᠨ᠎ᠡ ᠤᠷᠤᠰᠬᠠᠯ ᠪᠤᠯᠭᠠᠵᠤ ᠂ ᠰᠤᠷᠤᠯᠭ᠎ᠠ ᠠᠮᠢᠳᠤᠷᠠᠯ ᠢᠶᠠᠨ ᠤᠯᠠᠨ ᠪᠠᠶᠠᠯᠢᠭᠵᠢᠭᠤᠯᠬᠤ ᠪᠠᠷ ᠴᠢᠷᠮᠠᠶᠢᠭᠠᠷᠠᠢ ᠃

 

ᠲᠡᠭᠡᠲᠤ ᠬᠤᠶᠠᠷ ᠤᠨ ᠤᠨ ᠤ ᠲᠤᠭᠤᠶᠢᠯᠠᠩ

ᠮᠡᠳᠡᠭᠡᠯᠡᠭᠴᠢ ᠄ ᠮᠦᠩᠭᠦᠨᠴᠡᠴᠡᠭ

IMG_7980
IMG_7984
IMG_7988
IMG_7990
微信图片_20171229101628
微信图片_20171229101633
IMG_8076