Menu

ᠣᠷᠳᠣᠰ ᠬᠣᠲᠠ  ᠶᠢᠨ ᠮᠣᠩᠭᠣᠯ ᠦᠨᠳᠦᠰᠦᠲᠡᠨ  ᠤ ᠲᠣᠮᠳᠠᠳᠣ ᠰᠣᠷᠭᠠᠭᠣᠯᠢ  ᠶᠢᠨ ᠨᠡᠭᠡᠭᠡᠯᠲᠡ  ᠶᠢᠨ ᠬᠢᠴᠢᠶᠡᠯ  ᠤᠨ ᠭᠠᠷᠠᠭ  ᠤᠨ ᠠᠵᠢᠯᠯᠠᠭ᠎ᠠ ᠠᠮᠵᠢᠯᠳᠠᠳᠠᠢ ᠶᠠᠪᠤᠭᠳᠠᠪᠠ

2017-12-28 / admin

(ᠤᠩᠰᠢᠭᠰᠠᠨ ᠤᠳᠠᠭ᠎ᠠ: 189 ᠤᠳᠠᠭ᠎ᠠ)

ᠣᠷᠳᠣᠰ ᠬᠣᠲᠠ  ᠶᠢᠨ ᠮᠣᠩᠭᠣᠯ ᠦᠨᠳᠦᠰᠦᠲᠡᠨ  ᠤ ᠲᠣᠮᠳᠠᠳᠣ ᠰᠣᠷᠭᠠᠭᠣᠯᠢ  ᠶᠢᠨ 2017 ︱ 2018 ᠰᠣᠷᠣᠯᠭ᠎ᠠ  ᠶᠢᠨ ᠣᠨ  ᠤ ᠲᠡᠭᠡᠳᠦ ᠬᠤᠭᠤᠴᠠᠭᠠᠨ  ᠤ ᠨᠡᠭᠡᠭᠡᠯᠲᠡ  ᠶᠢᠨ ᠬᠢᠴᠢᠶᠡᠯ  ᠤᠨ ᠭᠠᠷᠠᠭ    ᠤᠨ ᠠᠵᠢᠯᠯᠠᠭ᠎ᠠ 11 ᠰᠠᠷ᠎ᠠ  ᠶᠢᠨ 20  ᠠᠴᠠ ᠵᠢᠩᠬᠢᠨᠢ ᠡᠬᠢᠯᠡᠵᠦ ᠂ 11 ᠰᠠᠷ᠎ᠠ  ᠶᠢᠨ 27  ᠳᠦ ᠠᠮᠵᠢᠯᠲᠠᠲᠠᠢ ᠦᠨᠳᠦᠷᠯᠡᠯ᠎ᠡ ᠃

ᠲᠣᠰ ᠠᠵᠢᠯᠯᠠᠭ᠎ᠠ ᠶᠢ ᠬᠢᠴᠢᠶᠡᠯ  ᠤᠨ ᠦᠬᠡᠷᠡᠴᠢᠯᠡᠯᠲᠡ  ᠶᠢ ᠠᠬᠢᠭᠤᠯᠵᠤ ᠂ ᠰᠢᠨ᠎ᠡ ᠬᠢᠴᠢᠶᠡᠯ  ᠤᠨ ᠪᠠᠷᠢᠮᠵᠢᠶ᠎ᠠ  ᠶᠢ ᠤᠯᠠᠮ ᠨᠢᠭᠡ ᠠᠯᠬᠤᠮ ᠲᠣᠭᠣᠰᠢᠯᠠᠭᠤᠯᠬᠤ ᠵᠣᠷᠢᠯᠭ᠎ᠠ  ᠠᠴᠠ ᠰᠢᠯᠢᠳᠡᠭ ᠰᠠᠶᠢᠨ ᠵᠢᠭᠠᠨ  ᠰᠣᠷᠭᠠᠬᠤ ᠠᠷᠭ᠎ᠠ ᠪᠠᠷᠢᠯ  ᠢ ᠲᠦᠭᠡᠮᠡᠯᠵᠢᠬᠦᠯᠦᠨ ᠂ ᠬᠢᠴᠢᠶᠡᠯ  ᠤᠨ ᠲᠠᠩᠬᠢᠮ  ᠤᠨ ᠵᠢᠭᠠᠨ ᠰᠣᠷᠭᠠᠯᠲᠠ  ᠶᠢᠨ ᠦᠷ᠎ᠡ ᠠᠰᠢᠭ  ᠢ ᠲᠡᠭᠡᠭᠰᠢᠯᠡᠬᠦᠯᠬᠦ ᠵᠢᠴᠢ ᠵᠢᠭᠠᠨ ᠰᠣᠷᠭᠠᠬᠣ ᠲᠣᠷᠰᠢᠯᠭ᠎ᠠ ᠰᠣᠷᠭᠠᠮᠵᠢ  ᠪᠠᠨ ᠰᠣᠯᠢᠯᠴᠠᠵᠤ ᠂ ᠵᠠᠯᠠᠭᠤ ᠪᠠᠭᠰᠢ  ᠨᠠᠷ  ᠢᠶᠠᠨ ᠳᠠᠭᠠᠭᠣᠯᠵᠤ ᠪᠣᠯᠪᠠᠰᠣᠷᠠᠭᠤᠯᠬᠤ  ᠶᠢᠨ ᠲᠣᠰᠠ  ᠳᠦ ᠬᠢᠭᠰᠡᠨ ᠶᠤᠮ ᠃

ᠲᠣᠰ ᠠᠵᠢᠯᠯᠠᠭ᠎ᠠ  ᠳᠦ ᠠᠷᠪᠠᠨ ᠲᠦᠷᠪᠡᠨ ᠬᠢᠴᠢᠶᠡᠯ ᠲᠦᠷᠦᠯ  ᠠᠴᠠ ᠠᠰᠠᠨ᠎ᠠ ᠂ ᠤᠷᠢᠬᠠᠨ ᠂ᠲᠡᠷᠭᠡᠯ ᠂ ᠵᠣᠷᠢᠭᠴᠡᠴᠡᠭ ᠂ ᠬᠠᠰᠴᠡᠴᠡᠭ ᠂ ᠤᠶᠠᠬᠠᠨ ᠂ ᠦᠵᠦᠮ ᠂ ᠰᠠᠷᠠᠨ᠎ᠠ ᠂ ᠪᠠᠭᠠᠨ᠎ᠠ ᠂ ᠲᠠᠩ ᠴᠠᠩ ᠾᠸ ᠂ ᠴᠠᠨ᠎ᠠ ᠂ ᠭᠠᠷᠦᠳᠢ ᠂ ᠰᠦᠨ ᠴᠠᠩ ᠱᠧᠩ ᠂ ᠤᠶᠤᠨᠳᠣᠶᠠᠭ᠎ᠠ ᠂ ᠠᠶᠠᠨ᠎ᠠ ᠂ ᠣᠳᠣᠨ᠎ᠠ ᠂ ᠨᠠᠷᠠᠰᠣ ᠂ᠮᠡᠷᠭᠡᠨ ᠵᠡᠷᠭᠡ ᠠᠷᠪᠠᠨ ᠨᠠᠢᠮᠠᠨ ᠪᠠᠭᠰᠢ ᠤᠷᠤᠯᠴᠠᠪᠠ ᠃ ᠬᠢᠴᠢᠶᠡᠯᠯᠡᠭᠴᠢ ᠪᠠᠭᠰᠢ ᠨᠠᠷ ᠲᠣᠰ ᠠᠵᠢᠯᠯᠠᠭ᠎ᠠ ᠶᠢ ᠮᠠᠰᠢ ᠬᠦᠨᠳᠦᠳᠬᠡᠨ ᠦᠵᠡᠵᠦ ᠬᠢᠴᠢᠶᠡᠯ  ᠤᠨ ᠪᠠᠷᠢᠮᠵᠢᠶᠠᠨ  ᠤ ᠱᠠᠭᠠᠷᠳᠠᠯᠭ᠎ᠠ  ᠳᠤ ᠦᠨᠳᠦᠰᠦᠯᠡᠨ ᠵᠢᠭᠠᠬᠤ ᠠᠭᠤᠯᠭ᠎ᠠ  ᠶᠢᠨ ᠵᠠᠳᠠᠯᠤᠯᠲᠠ  ᠪᠠᠨ ᠰᠠᠶᠢᠳᠣᠷ ᠬᠢᠭᠰᠡᠨ ᠮᠦᠷᠳᠡᠭᠡᠨ ᠰᠣᠷᠣᠭᠴᠢᠳ  ᠢᠶᠠᠨ ᠨᠠᠷᠢᠨ ᠪᠡᠯᠡᠳᠬᠡᠵᠦ ᠂ ᠵᠢᠭᠠᠬᠤ ᠲᠦᠰᠦᠪ  ᠢᠶᠠᠨ ᠬᠢᠨᠠᠮᠠᠭᠠᠢ ᠪᠢᠴᠢᠵᠠᠢ ᠃ ᠵᠢᠭᠠᠬᠤ ᠠᠷᠭ᠎ᠠ ᠪᠠᠷᠢᠯ  ᠤᠨ ᠬᠣᠪᠢ  ᠳᠦ ᠰᠣᠷᠣᠭᠴᠢ  ᠶᠢᠨ ᠭᠣᠣᠯ ᠴᠣᠭᠴᠠ  ᠶᠢᠨ ᠪᠠᠶᠢᠷᠢ  ᠶᠢ ᠪᠠᠳᠣᠯᠠᠭᠰᠠᠨ ᠰᠠᠭᠤᠷᠢᠨ ᠳᠡᠭᠡᠷ᠎ᠡ ᠬᠢᠴᠢᠶᠡᠯ ᠲᠦᠷᠦᠯ  ᠤᠨ ᠤᠨᠴᠠᠯᠢᠭ ᠪᠠ ᠦᠪᠡᠷ  ᠤᠨ ᠣᠷ᠎ᠠ ᠠᠪᠢᠶᠠᠰ  ᠲᠠᠢ  ᠪᠠᠨ ᠣᠶᠠᠯᠳᠣᠭᠣᠯᠵᠤ ᠦᠪᠡᠷᠮᠢᠴᠡ ᠬᠡᠪ ᠨᠡᠮᠪᠡ  ᠲᠠᠢ ᠪᠣᠯᠵᠣ ᠴᠢᠳᠠᠭᠰᠠᠨ ᠂ ᠬᠢᠴᠢᠶᠡᠯ  ᠤᠨ ᠴᠠᠭ ᠤᠨ ᠪᠣᠯᠪᠠᠰᠣᠷᠠᠯ ᠪᠠ ᠦᠷᠭᠡᠳᠬᠡᠯ ᠪᠠᠳᠣᠣᠳᠬᠠᠯ ᠲᠣᠬᠢᠷᠠᠮᠵᠢᠳᠠᠢ ᠪᠠᠶᠢᠵᠤ ᠭᠤᠷᠪᠠᠯᠠᠭᠰᠠᠨ ᠬᠠᠷᠠᠯᠲᠠ  ᠪᠠᠨ ᠠᠭᠣᠰᠬᠠᠨ ᠪᠡᠶᠡᠯᠡᠬᠦᠯᠦᠭᠰᠡᠨ ᠠᠮᠵᠢᠯᠲᠠᠲᠠᠢ ᠬᠢᠴᠢᠶᠡᠯᠯᠡᠬᠡ ᠬᠢᠭᠰᠡᠨ ᠪᠠᠶᠢᠨ᠎ᠠ ᠃ ᠬᠢᠴᠢᠶᠡᠯᠯᠡᠭᠡ ᠶᠢᠨ ᠪᠦᠬᠦ ᠶᠠᠪᠣᠴᠠ ᠵᠢ ᠬᠢᠴᠢᠶᠡᠯ ᠬᠦᠮᠦᠵᠢᠯ  ᠤᠨ ᠭᠠᠵᠠᠷ ᠪᠠ ᠵᠢᠭᠠᠬᠤ  ᠶᠢ ᠰᠣᠳᠣᠯᠬᠤ ᠳᠠᠰᠣᠭ  ᠠᠴᠠ ᠬᠢᠨᠠᠵᠤ ᠂ ᠤᠯᠠᠨ ᠵᠢᠯ  ᠤᠨ ᠵᠢᠭᠠᠨ ᠰᠤᠷᠭᠠᠭᠰᠠᠨ ᠳᠤᠷᠰᠢᠯᠭ᠎ᠠ  ᠲᠠᠢ ᠤᠨᠴᠡ ᠲᠠᠰ  ᠤᠨ ᠪᠠᠭᠰᠢ ᠪᠠ ᠠᠬᠠᠮᠠᠳ ᠪᠠᠭᠰᠢ ᠂ ᠰᠣᠷᠭᠠᠭᠣᠯᠢ  ᠶᠢᠨ ᠣᠳᠣᠷᠢᠳᠣᠯᠭ᠎ᠠ  ᠨᠠᠷ ᠰᠣᠨᠣᠰᠴᠤ ᠦᠨᠡᠯᠡᠯᠲᠡ ᠬᠢᠭᠰᠡᠨ ᠪᠠᠶᠢᠨ᠎ᠠ ᠃

ᠭᠠᠷᠠᠭ  ᠤᠨ ᠠᠵᠢᠯᠯᠠᠭᠠᠨ  ᠤ ᠠᠷᠪᠠᠨ ᠨᠠᠢᠮᠠᠨ ᠬᠢᠴᠢᠶᠡᠯ  ᠢ ᠰᠣᠨᠣᠰᠣᠭᠰᠠᠨ ᠬᠦᠮᠦᠨ  ᠤ ᠲᠣᠭ᠎ᠠ 160 ᠬᠦᠮᠦᠨ ᠣᠳᠠᠭ᠎ᠠ  ᠳᠦ ᠬᠦᠷᠴᠤ ᠂ ᠰᠣᠨᠣᠰᠣᠭᠰᠠᠨ ᠪᠠᠭᠰᠢ ᠪᠦᠬᠦᠨ ᠵᠣᠬᠢᠬᠤ ᠣᠯᠣᠯᠲᠠ ᠲᠦᠷᠦᠭᠳᠡᠯ  ᠲᠠᠢ ᠪᠤᠯᠵᠤ᠂ ᠬᠢᠴᠢᠶᠡᠯ  ᠤᠨ ᠪᠠᠷᠢᠮᠵᠢᠶ᠎ᠠ  ᠶᠢ ᠤᠯᠠᠮ ᠨᠢᠭᠡ ᠠᠯᠬᠤᠮ ᠲᠣᠭᠣᠰᠢᠯᠠᠭᠤᠯᠬᠤ ᠂ ᠵᠢᠭᠠᠨ ᠰᠣᠷᠭᠠᠬᠤ ᠲᠣᠷᠰᠢᠯᠭ᠎ᠠ ᠰᠣᠷᠭᠠᠮᠵᠢ  ᠪᠠᠨ ᠰᠤᠯᠢᠯᠴᠠᠵᠤ ᠂ ᠬᠢᠴᠢᠶᠡᠯ  ᠤᠨ ᠲᠠᠩᠬᠢᠮ  ᠤᠨ ᠵᠢᠭᠠᠨ ᠰᠣᠷᠭᠠᠯᠲᠠ  ᠶᠢᠨ ᠦᠷ᠎ᠡ ᠠᠰᠢᠭ  ᠢᠶᠠᠨ ᠲᠡᠭᠡᠭᠰᠢᠯᠡᠬᠦᠯᠬᠦ ᠵᠢᠴᠢ ᠵᠠᠯᠠᠭᠤ ᠪᠠᠭᠰᠢ ᠨᠠᠷ ᠢᠶᠠᠨ ᠪᠣᠯᠪᠠᠰᠣᠷᠠᠭᠣᠯᠣᠨ ᠴᠠᠭᠠᠷᠠᠭᠤᠯᠬᠤ ᠵᠣᠷᠢᠯᠭ᠎ᠠ  ᠳᠦ  ᠪᠠᠨ ᠬᠦᠷᠦᠭᠰᠡᠨ ᠠᠰᠢᠲᠠᠢ ᠰᠠᠶᠢᠬᠠᠨ ᠠᠵᠢᠯᠯᠠᠭ᠎ᠠ ᠪᠣᠯᠵᠠᠢ ᠃ ᠬᠣᠵᠢᠮ ᠲᠤᠰ ᠠᠵᠢᠯᠯᠠᠭ᠎ᠠ  ᠪᠠᠨ ᠵᠢᠭᠠᠨ ᠰᠣᠷᠭᠠᠯᠲᠠ  ᠶᠢᠨ ᠪᠠᠶᠢᠩᠭᠤ  ᠶᠢᠨ ᠠᠵᠢᠯ ᠪᠣᠯᠭᠠᠨ ᠠᠳᠬᠤᠵᠤ ᠪᠠᠭᠰᠢ ᠪᠣᠯᠭᠠᠨ ᠳᠦ ᠠᠪᠢᠶᠠᠰ ᠴᠢᠳᠠᠪᠣᠷᠢ ᠪᠠᠨ ᠪᠠᠳᠠᠷᠠᠭᠤᠯᠬᠤ ᠲᠠᠪᠴᠠᠩ ᠬᠠᠩᠭᠠᠨ ᠂ ᠬᠡᠪ ᠪᠣᠯᠪᠠᠰᠣᠷᠠᠯ ᠦᠨᠳᠦᠷ ᠂ ᠠᠮᠢᠳᠤᠷᠠᠵᠤ ᠣᠷᠣᠰᠢᠬᠤ  ᠶᠢᠨ ᠨᠠᠷᠢᠨ ᠣᠬᠠᠭᠠᠨ  ᠲᠠᠢ ᠂ ᠦᠷᠢᠰᠦᠯᠳᠦᠨ ᠲᠠᠪᠰᠢᠬᠤ ᠵᠣᠷᠢᠭ ᠰᠢᠨᠳᠠᠰᠣ  ᠲᠠᠢ ᠂ ᠲᠡᠭᠷᠢᠯᠢᠭ ᠰᠡᠳᠬᠢᠬᠦᠢ ᠲᠡᠯᠭᠡᠷ ᠬᠠᠷᠠᠭ᠎ᠠ ᠲᠠᠢ ᠂ ᠦᠨᠳᠦᠰᠦᠲᠡᠨ  ᠤ ᠤᠬᠠᠮᠰᠠᠷ ᠲᠠᠢ ᠬᠤᠶᠢᠴᠢ ᠦᠶ᠎ᠡ  ᠪᠠᠨ ᠬᠦᠮᠦᠵᠢᠬᠦᠯᠬᠦ ᠲᠠᠷᠬᠠᠨ ᠦᠢᠯᠡᠰ  ᠢᠶᠠᠨ ᠨᠡᠩ ᠡᠷᠴᠢᠮᠲᠠᠢ ᠬᠢᠬᠦ ᠶᠤᠮ ᠡ ︕

1
2
3
4
5
6
7
8
10
9
11
12
13
14