Menu

ᠰᠠᠶᠢᠨ ᠲᠠᠳᠬᠠᠯ ᠲᠠᠪᠰᠢᠬᠤ ᠶᠢᠨ ᠱᠠᠲᠤ ᠂ ᠮᠠᠭᠤ ᠲᠠᠳᠬᠠᠯ ᠲᠤᠷᠤᠶᠢᠲᠠᠬᠤ ᠶᠢᠨ ᠲᠠᠮᠲᠡᠭ᠍

2017-12-20 / ᠮᠦᠩᠭᠦᠨᠴᠡᠴᠡᠭ

(ᠤᠩᠰᠢᠭᠰᠠᠨ ᠤᠳᠠᠭ᠎ᠠ: 131 ᠤᠳᠠᠭ᠎ᠠ)

ᠰᠠᠶᠢᠨ ᠲᠠᠳᠬᠠᠯ ᠲᠠᠪᠰᠢᠬᠤ ᠶᠢᠨ ᠱᠠᠲᠤ ᠂ ᠮᠠᠭᠤ ᠲᠠᠳᠬᠠᠯ ᠲᠤᠷᠤᠶᠢᠲᠠᠬᠤ ᠶᠢᠨ ᠲᠠᠮᠲᠡᠭ᠍

2017 ᠤᠨ ᠤ 12 ᠰᠠᠷ᠎ᠠ ᠶᠢᠨ 7 ᠦ ᠡᠲᠤᠷ ᠤᠨ ᠦᠲᠡ ᠶᠢᠨ ᠬᠤᠶᠢᠨ᠎ᠠ  ᠶᠢᠨ 4 ᠄ 40  ᠳᠦ ᠲᠡᠭᠡᠲᠤ ᠬᠤᠶᠠᠷ ᠤᠨ ᠤᠨ ᠤ ᠡᠷᠬᠢᠯᠡᠭᠴᠢ ᠠᠯᠲᠠᠨᠪᠤᠯᠠᠭ ᠪᠠᠭᠰᠢ ᠠᠴᠠ ︽ ᠰᠠᠶᠢᠨ ᠲᠠᠳᠬᠠᠯ ᠲᠠᠪᠰᠢᠬᠤ ᠶᠢᠨ ᠱᠠᠲᠤ ᠂ ᠮᠠᠭᠤ ᠲᠠᠳᠬᠠᠯ ᠲᠤᠷᠤᠶᠢᠲᠠᠬᠤ ᠶᠢᠨ ᠲᠠᠮᠲᠡᠭ᠍ ︾ ᠭᠡᠬᠦ ᠭᠤᠤᠯ ᠰᠡᠲᠤᠪ ᠢᠶᠠᠷ ᠲᠡᠭᠡᠲᠤ ᠬᠤᠶᠠᠷ ᠤᠨ ᠰᠤᠷᠤᠭᠴᠢᠳ ᠲᠤ ᠶᠠᠷᠢᠶ᠎ᠠ ᠬᠢᠪᠡ ᠃

︽ ᠲᠠᠳᠬᠠᠯ ᠬᠡᠲᠡᠭ  ᠨᠢ ᠬᠦᠮᠦᠨ ᠦ ᠦᠷᠭᠦᠯᠵᠢᠯᠡᠭᠰᠡᠨ ᠴᠢᠨᠠᠷ ᠲᠠᠢ ᠦᠢᠯᠡ ᠠᠵᠢᠯᠯᠠᠭ᠎ᠠ ᠶᠢᠨ ᠢᠯᠡᠷᠡᠯ ᠮᠦᠨ ᠂ ᠰᠠᠶᠢᠨ ᠲᠠᠳᠬᠠᠯ ᠨᠢ ᠬᠦᠮᠦᠨ ᠦ ᠨᠢᠭᠡ ᠨᠠᠰᠤ ᠶᠢ ᠨᠦᠯᠦᠭᠡᠯᠡᠲᠡᠭ ︾ ᠭᠡᠵᠤ ᠠ ᠪᠠᠭᠰᠢ ᠶᠠᠷᠢᠶ᠎ᠠ ᠳᠤ ᠪᠠᠨ ᠲᠤᠷᠠᠳᠪᠠ ᠃ ᠲᠠᠳᠬᠠᠯ ᠢ ᠠᠵᠤ ᠠᠮᠢᠳᠤᠷᠠᠯ ᠤᠨ ᠲᠠᠳᠬᠠᠯ ᠂ ᠠᠵᠢᠯᠯᠠᠵᠤ ᠠᠮᠠᠷᠠᠬᠤ ᠲᠠᠳᠬᠠᠯ ᠂ ᠦᠢᠯᠡ ᠠᠵᠢᠯᠯᠠᠭ᠎ᠠ ᠶᠢᠨ ᠲᠠᠳᠬᠠᠯ ᠪᠠ ᠰᠡᠳᠬᠢᠴᠡ ᠰᠡᠳᠬᠢᠯᠭᠡ ᠶᠢᠨ ᠲᠠᠳᠬᠠᠯ ᠭᠡᠮᠡᠨ ᠲᠦᠷᠪᠡᠨ ᠲᠦᠷᠦᠯ ᠬᠤᠪᠢᠶᠠᠵᠤ ᠂ ᠰᠤᠷᠤᠭᠴᠢ ᠶᠢᠨ ᠪᠤᠲᠠᠲᠤ ᠪᠠᠶᠢᠳᠠᠯ ᠳᠤ ᠵᠤᠬᠢᠴᠠᠭᠤᠯᠤᠨ ᠂ ᠰᠡᠳᠬᠢᠴᠡ ᠰᠡᠳᠬᠢᠯᠭᠡ ᠶᠢᠨ ᠲᠠᠳᠬᠠᠯ ᠢ ᠭᠤᠤᠯᠳᠠᠯᠭ᠎ᠠ  ᠪᠠᠨ ᠪᠤᠯᠭᠠᠵᠤ ᠶᠠᠷᠢᠪᠠ ᠃ ᠡᠭᠦᠨ ᠳᠦ ᠰᠤᠷᠤᠭᠴᠢᠳ ᠤᠨ ᠢᠳᠡᠵᠤ ᠤᠤᠭᠤᠬᠤ ᠂ ᠡᠮᠦᠰᠴᠤ ᠵᠡᠭᠦᠬᠦ ᠂ ᠤᠨᠲᠠᠵᠤ ᠠᠮᠠᠷᠠᠬᠤ ᠂ ᠰᠤᠷᠤᠯᠴᠠᠬᠤ ᠨᠠᠭᠠᠳᠬᠤ ᠲᠠᠯ᠎ᠠ  ᠪᠠᠷ ᠰᠠᠶᠢᠨ ᠲᠠᠳᠬᠠᠯ ᠪᠦᠷᠢᠯᠳᠦᠭᠦᠯᠬᠦ ᠶᠢ ᠤᠷᠢᠶᠠᠯᠠᠵᠤ ᠂ᠰᠤᠷᠤᠯᠴᠠᠬᠤ ᠤᠪᠤᠷ ᠢᠶᠠᠨ ᠵᠦᠪ ᠪᠤᠯᠭᠠᠨ ᠂ ᠦᠪᠡᠷ ᠦᠨ ᠪᠡᠶᠡᠨ ᠳᠦ  ᠪᠠᠨ ᠴᠢᠩᠭ᠎ᠠ ᠱᠠᠭᠠᠷᠳᠠᠯᠭ᠎ᠠ ᠲᠠᠯᠪᠢᠬᠤ ᠬᠡᠷᠡᠭᠲᠡᠢ ᠬᠡᠵᠤ ᠵᠢᠭᠠᠵᠤ ᠭᠠᠷᠭᠠᠪᠠ ᠃

ᠠᠯᠳᠠᠨᠪᠤᠯᠠᠭ ᠪᠠᠭᠰᠢ ᠦᠪᠡᠷ ᠦᠨ ᠪᠡᠶ᠎ᠡ ᠶᠢᠨ ᠦᠩᠭᠡᠷᠡᠯᠲᠡ ᠪᠡᠷ ᠢᠶᠠᠨ ᠦᠯᠢᠭᠡᠷ ᠵᠢᠱᠢᠶ᠎ᠡ ᠪᠤᠯᠭᠠᠨ ᠰᠤᠷᠤᠭᠴᠢᠳ ᠲᠤ ᠲᠠᠳᠬᠠᠯ ᠤᠨ ᠴᠢᠬᠤᠯᠠ ᠴᠢᠨᠠᠷ ᠢ ᠮᠡᠳᠡᠭᠦᠯᠵᠤ ᠂ ᠰᠠᠶᠢᠨ ᠲᠠᠳᠬᠠᠯ ᠨᠢ ᠬᠦᠮᠦᠨ ᠦ ᠦᠰᠦᠨ ᠪᠣᠶᠢᠵᠢᠯᠲᠠ ᠳᠤ ᠲᠤᠶᠢᠯ ᠤᠨ ᠴᠢᠬᠤᠯᠠ ᠦᠢᠯᠡᠳᠦᠯ ᠦᠵᠡᠭᠦᠯᠦᠨ ᠂ ᠬᠦᠮᠦᠨ ᠦ ᠠᠮᠵᠢᠯᠲᠠ ᠤᠯᠬᠤ ᠡᠰᠡᠬᠦ  ᠲᠠᠢ ᠰᠢᠭᠤᠳ ᠬᠤᠯᠪᠤᠭ᠎ᠠ ᠲᠠᠢ ᠬᠡᠵᠤ  ᠶᠠᠷᠢᠭᠰᠠᠨ ᠪᠠᠶᠢᠨ᠎ᠠ ᠃

ᠲᠤᠰ ᠤᠳᠠᠭᠠᠨ ᠤ ᠶᠠᠷᠢᠶ᠎ᠠ ᠠᠴᠠ ᠰᠤᠷᠤᠭᠴᠢᠳ  ᠮᠠᠨᠢ ᠦᠪᠡᠷ ᠦᠨ ᠠᠯᠳᠠᠭ᠎ᠠ ᠪᠤᠷᠤᠭᠤ  ᠪᠠᠨ ᠬᠠᠯᠠᠵᠤ ᠂ ᠦᠪᠡᠷ ᠦᠨ ᠦᠢᠯᠡ ᠠᠵᠢᠯᠯᠠᠭ᠎ᠠ  ᠪᠠᠨ ᠲᠦᠯᠦᠪᠵᠢᠭᠦᠯᠦᠨ ᠂ ᠰᠠᠶᠢᠨ ᠲᠠᠳᠬᠠᠯ ᠢ ᠪᠦᠷᠢᠯᠳᠦᠭᠦᠯᠵᠤ ᠂ ᠮᠠᠭᠤ ᠲᠠᠳᠬᠠᠯ ᠢ ᠲᠡᠪᠴᠢᠨ ᠂ ᠠᠯᠬᠤᠮ ᠠᠯᠬᠤᠮ ᠢᠶᠠᠷ ᠠᠮᠵᠢᠯᠲᠠ ᠵᠦᠭ᠍ ᠲᠡᠮᠡᠤᠯᠬᠦ  ᠨᠢ ᠯᠠᠪᠲᠠᠢ ᠃

 

ᠲᠡᠭᠡᠲᠤ ᠬᠤᠶᠠᠳᠤᠭᠠᠷ ᠤᠨ

ᠮᠡᠳᠡᠭᠡᠯᠡᠭᠴᠢ ᠄  ᠮᠦᠩᠭᠦᠨᠴᠡᠴᠡᠭ

阿主任学法指导1
 
阿主任学法指导2
阿主任学法指导3
阿主任学法指导4
阿主任学法指导5