Menu

ᠪᠦᠬᠦ ᠪᠠᠭᠰᠢ ᠠᠵᠢᠯᠳᠠᠨ  ᠣ ᠵᠤᠬᠢᠶᠠᠯ  ᠣᠨ ᠤᠷᠤᠯᠳᠤᠭᠠᠨ

2017-12-13 / ᠵᠣᠷᠢᠭᠴᠡᠴᠡᠭ

(ᠤᠩᠰᠢᠭᠰᠠᠨ ᠤᠳᠠᠭ᠎ᠠ: 183 ᠤᠳᠠᠭ᠎ᠠ)

ᠠᠵᠢᠯᠴᠢᠨ  ᠣ ᠡᠪᠯᠡᠯ  ᠣᠨ ᠮᠡᠳᠡᠭᠡ
2017 ᠤᠨ  ᠣ 9 ᠰᠠᠷ᠎ᠠ  ᠶᠢᠨ 10  ᠣ 33  ᠳᠠᠬᠢ ᠤᠳᠠᠭᠠᠨ ᠣ ᠪᠠᠭᠰᠢ  ᠶᠢᠨ ᠪᠠᠶᠠᠷ  ᠢ ᠲᠤᠬᠢᠶᠠᠯᠳᠤᠭᠤᠯᠤᠨ ᠠᠵᠢᠯᠴᠢᠨ  ᠣ ᠡᠪᠯᠡᠯ  ᠡᠴᠡ ᠪᠦᠬᠦ ᠪᠠᠭᠰᠢ ᠠᠵᠢᠯᠳᠠᠨ  ᠣ ᠵᠤᠬᠢᠶᠠᠯ  ᠣᠨ ᠤᠷᠤᠯᠳᠤᠭᠠᠨ  ᠢ ᠵᠤᠬᠢᠶᠠᠨ ᠪᠠᠶᠢᠭᠤᠯᠵᠤ ᠶᠠᠪᠤᠭᠳᠠᠭᠤᠯᠪᠠ ᠃ ᠤᠯᠠᠨ ᠲᠠᠯ᠎ᠠ  ᠶᠢᠨ ᠰᠢᠯᠳᠠᠭᠠᠨ  ᠡᠴᠡ ᠪᠤᠯᠤᠭᠠᠳ ᠲᠤᠰ ᠤᠳᠠᠭᠠᠨ  ᠣ ᠤᠷᠤᠯᠳᠤᠭᠠᠨ 10 ᠰᠠᠷ᠎ᠠ  ᠶᠢᠨ ᠰᠡᠭᠦᠯᠴᠢ ᠪᠤᠯᠳᠠᠯ᠎ᠠ ᠦᠷᠭᠦᠯᠵᠢᠯᠡᠪᠡ ᠃
ᠲᠤᠰ ᠤᠳᠠᠭᠠᠨ  ᠣ ᠤᠷᠤᠯᠳᠤᠭᠠᠨ  ᠳᠣ ᠬᠤᠷᠢᠨ ᠨᠢᠭᠡᠨ ᠪᠠᠭᠰᠢ  ᠶᠢᠨ ᠭᠤᠴᠢᠨ ᠲᠠᠪᠤᠨ ᠪᠦᠳᠦᠭᠡᠯ ᠰᠢᠯᠭᠠᠷᠠᠭᠤᠯᠤᠯᠳᠠ ᠤᠷᠤᠯᠴᠠᠪᠠ ᠃ ᠬᠢᠨᠠᠭᠴᠢ ᠪᠠᠭᠰᠢ  ᠨᠠᠷ  ᠣᠨ ᠨᠠᠷᠢᠨ ᠬᠢᠨᠠᠮᠠᠭᠠᠢ ᠰᠢᠯᠭᠠᠷᠠᠭᠤᠯᠤᠯᠳᠠ  ᠶᠢ ᠲᠠᠮᠵᠢᠭᠠᠳ ᠴᠤᠯᠮᠤᠨ ᠪᠠᠭᠰᠢ  ᠶᠢᠨ ︽ ᠨᠠᠮᠤᠷ  ᠣᠨ ᠲᠤᠬᠠᠢ ᠲᠤᠷᠠᠰᠤᠮᠵᠢ ︾ ᠂ ᠭᠸ ᠂ᠬᠠᠰᠭᠤᠸ᠎ᠠ ᠪᠠᠭᠰᠢ  ᠶᠢᠨ ︽ ᠮᠠᠯᠴᠢᠨ ᠬᠦᠮᠦᠨ  ᠣ ᠰᠡᠳᠬᠢᠯ ︾ ᠬᠡᠬᠦ ᠬᠤᠶᠠᠷ ᠵᠤᠬᠢᠶᠠᠯ ᠨᠢᠭᠡᠳᠦᠭᠡᠷ ᠨᠡᠷ᠎ᠡ  ᠳᠣ ᠲᠤᠳᠤᠷᠠᠵᠤ ᠂ ᠴᠸᠨ ᠰᠢᠦ ᠯᠠᠨ ᠪᠠᠭᠰᠢ  ᠶᠢᠨ ︽ ᠰᠢᠯᠦᠭ  ᠣᠨ ᠬᠤᠪᠢ ᠢᠷᠦᠭᠡᠯ ︾ ᠂ ᠱᠤ ᠷᠦᠩ ᠪᠠᠭᠰᠢ  ᠶᠢᠨ ︽ ᠤᠩᠰᠢᠯᠭ᠎ᠠ  ᠶᠢᠨ ᠤᠳᠬ᠎ᠠ ᠠᠭᠤᠯᠭ᠎ᠠ ︾ ᠂ ᠬᠠᠰᠭᠤᠸ᠎ᠠ ᠪᠠᠭᠰᠢ  ᠶᠢᠨ ︽ ᠬᠦᠮᠦᠨ ᠵᠤᠪᠠᠯᠠᠩ  ᠢ ᠲᠠᠭᠠᠭᠠᠬᠤ  ᠡᠴᠡ ᠪᠢᠰᠢ ᠵᠢᠷᠭᠠᠯ  ᠢ ᠲᠠᠭᠠᠭᠠᠬᠤ ᠦᠭᠡᠢ ︾ ᠂ ᠬᠤᠤᠰᠪᠠᠶᠠᠷ ᠪᠠᠭᠰᠢ  ᠶᠢᠨ ︽ ᠬᠡᠯᠨ  ᠪᠠᠨ ᠪᠢ ᠁ ︾ ᠂ ᠲᠤᠷᠵᠢ ᠪᠠᠭᠰᠢ  ᠶᠢᠨ ︽ ᠤᠮᠠᠷᠠᠳᠤ  ᠶᠢᠨ ᠴᠢᠨᠸ᠎ᠠ ︾ ᠪᠠ ︽ ᠱᠠᠩᠳᠤ  ᠶᠢᠨ ᠰᠢᠨᠠᠯᠭᠠᠯ ︾ ᠵᠡᠷᠭᠡ ᠵᠤᠬᠢᠶᠠᠯ ᠬᠤᠶᠠᠳᠤᠭᠠᠷ  ᠲᠤ ᠲᠤᠳᠤᠷᠠᠵᠤ ᠂ ᠮᠦᠩᠬᠡᠳᠠᠯᠠᠢ ᠂ ᠠᠰᠠᠨ᠎ᠠ ᠂ ᠤᠷᠢᠬᠠᠨ ᠂ ᠦᠨᠡᠨᠪᠤᠶᠠᠨ ᠂ ᠪᠠᠳᠮᠠᠨᠴᠡᠴᠡᠭ ᠂ ᠯᠤᠨᠳᠤᠨ ᠵᠡᠷᠭᠡ ᠪᠠᠭᠰᠢ  ᠨᠠᠷ  ᠣᠨ ᠵᠤᠬᠢᠶᠠᠯ ᠪᠦᠳᠦᠭᠡᠯ ᠭᠤᠷᠪᠠᠳᠤᠭᠠᠷ ᠨᠡᠷ᠎ᠡ  ᠳᠣ ᠲᠤᠳᠤᠷᠠᠭᠰᠠᠨ ᠪᠠᠶᠢᠨ᠎ᠠ ᠃
ᠡᠳᠡᠭᠡᠷ ᠪᠠᠭᠰᠢ  ᠨᠠᠷ  ᠲᠤ ᠱᠠᠩᠨᠠᠯ  ᠣᠨ ᠦᠨᠡᠮᠯᠡᠯ ᠪᠠ ᠱᠠᠩᠨᠠᠯ  ᠣᠨ ᠮᠦᠩᠭᠦ ᠭᠠᠷᠳᠠᠭᠤᠯᠪᠠ ᠃

ᠠᠵᠢᠯᠴᠢᠨ  ᠣ ᠡᠪᠯᠡᠯ
2017 ᠤᠨ  ᠣ 10 ᠰᠠᠷ᠎ᠠ  ᠶᠢᠨ 30  ᠣ ᠡᠳᠦᠷ