Menu

ᠰᠠᠨᠠᠯ ᠰᠠᠨᠠᠭᠤᠯᠭ᠎ᠠ ᠬᠤᠷᠢᠶᠠᠬᠤ ᠠᠵᠢᠯ  ᠢ ᠶᠠᠪᠤᠭᠳᠠᠭᠤᠯᠪᠠ

2017-12-13 / ᠵᠣᠷᠢᠭᠴᠡᠴᠡᠭ

(ᠤᠩᠰᠢᠭᠰᠠᠨ ᠤᠳᠠᠭ᠎ᠠ: 185 ᠤᠳᠠᠭ᠎ᠠ)

ᠠᠵᠢᠯᠴᠢᠨ ᠣ ᠡᠪᠯᠡᠯ ᠣᠨ ᠮᠡᠳᠡᠭᠡ
2017 ~ 2018 ᠰᠤᠷᠤᠯᠭ᠎ᠠ  ᠶᠢᠨ ᠤᠨ  ᠣ ᠲᠡᠭᠡᠳᠦ ᠬᠤᠭᠤᠴᠠᠭᠠᠨ  ᠳᠣ ᠠᠵᠢᠯᠴᠢᠨ  ᠣ ᠡᠪᠯᠡᠯ ᠂ ᠪᠦᠬᠦ ᠪᠠᠭᠰᠢ ᠠᠵᠢᠯᠳᠠᠨ  ᠡᠴᠡ ᠰᠤᠷᠭᠠᠭᠤᠯᠢ  ᠶᠢᠨ ᠤᠳᠤᠷᠢᠳᠬᠤ ᠪᠠᠭ ᠂ ᠵᠢᠭᠠᠨ ᠰᠤᠷᠭᠠᠯᠳᠠ ᠂ ᠰᠤᠷᠭᠠᠭᠤᠯᠢ  ᠶᠢᠨ ᠬᠠᠮᠢᠶᠠᠷᠤᠯᠳᠠ ᠂ ᠰᠤᠷᠤᠭᠴᠢ  ᠶᠢᠨ ᠬᠠᠮᠢᠶᠠᠷᠤᠯᠳᠠ ᠂ ᠦᠢᠯᠡᠴᠢᠯᠡᠭᠡᠨ ᠂ ᠰᠤᠷᠠᠭ ᠵᠠᠩᠬᠢ ᠁ ᠵᠡᠷᠭᠡ ᠲᠠᠯ᠎ᠠ  ᠶᠢᠨ ᠠᠵᠢᠯ  ᠳᠣ ᠰᠠᠨᠠᠯ ᠰᠠᠨᠠᠭᠤᠯᠭ᠎ᠠ ᠬᠤᠷᠢᠶᠠᠬᠤ ᠠᠵᠢᠯ  ᠢ ᠶᠠᠪᠤᠭᠳᠠᠭᠤᠯᠪᠠ ᠃
ᠪᠦᠬᠦ ᠪᠠᠭᠰᠢ ᠠᠵᠢᠯᠳᠠᠨ  ᠣ ᠢᠳᠡᠪᠬᠢᠳᠠᠢ ᠤᠷᠤᠯᠴᠠᠯᠭ᠎ᠠ  ᠪᠠᠷ ᠰᠤᠷᠭᠠᠭᠤᠯᠢ  ᠶᠢᠨ ᠤᠳᠤᠷᠢᠳᠤᠯᠭ᠎ᠠ ᠂ ᠰᠤᠷᠭᠠᠭᠤᠯᠢ  ᠶᠢᠨ ᠬᠠᠮᠢᠶᠠᠷᠤᠯᠳᠠ ᠂ ᠵᠢᠭᠠᠨ ᠰᠤᠷᠭᠠᠯᠳᠠ ᠂ ᠰᠤᠷᠤᠭᠴᠢ  ᠶᠢᠨ ᠬᠠᠮᠢᠶᠠᠷᠤᠯᠳᠠ ᠂ ᠰᠤᠷᠠᠭ ᠵᠠᠩᠬᠢ ᠂ ᠦᠢᠯᠡᠴᠢᠯᠡᠭᠡᠨ  ᠣ ᠲᠠᠯ᠎ᠠ  ᠳᠣ ᠲᠡᠪᠰᠢᠭᠦᠯᠦᠭᠰᠡᠨ ᠲᠠᠪᠢᠨ ᠲᠤᠯᠤᠭᠠᠨ ᠵᠤᠷᠪᠤᠰ ᠰᠠᠨᠠᠯ ᠰᠠᠨᠠᠭᠤᠯᠭ᠎ᠠ  ᠶᠢ ᠡᠮᠬᠢᠳᠬᠡᠭᠡᠳ ᠰᠤᠷᠭᠠᠭᠤᠯᠢ  ᠶᠢᠨ ᠲᠡᠰ  ᠣᠨ ᠤᠳᠤᠷᠢᠳᠤᠯᠭ᠎ᠠ  ᠨᠠᠷ  ᠲᠤ ᠨᠢᠭᠡ ᠨᠢᠭᠡ ᠬᠤᠪᠢ ᠲᠠᠷᠬᠠᠭᠠᠪᠠ ᠃
ᠰᠤᠷᠭᠠᠭᠤᠯᠢ  ᠶᠢᠨ ᠤᠳᠤᠷᠢᠳᠤᠯᠭ᠎ᠠ  ᠨᠠᠷ ᠨᠠᠷᠢᠨ ᠬᠢᠨᠠᠮᠠᠭᠠᠢ ᠦᠵᠡᠭᠰᠡᠨ ᠬᠤᠶᠢᠨ᠎ᠠ ᠪᠠᠭᠰᠢ ᠠᠵᠢᠯᠳᠠᠨ ᠳ᠋ᠣ ᠵᠤᠬᠢᠰᠳᠠᠢ ᠴᠠᠭ  ᠲᠤ ᠬᠠᠨᠤᠮᠵᠢᠳᠠᠢ ᠬᠠᠷᠢᠭᠤ ᠦᠭᠬᠦ ᠪᠤᠯᠤᠨ᠎ᠠ ᠃

ᠠᠵᠢᠯᠴᠢᠨ  ᠣ ᠡᠪᠯᠡᠯ
2017 ᠤᠨ  ᠣ 10 ᠰᠠᠷ᠎ᠠ  ᠶᠢᠨ 25  ᠣ ᠡᠳᠦᠷ