Menu

ᠲᠡᠭᠡᠲᠤ ᠬᠤᠶᠠᠷ ᠤᠨ ᠰᠢᠨ᠎ᠡ ᠬᠡᠯᠪᠡᠷᠢ ᠶᠢᠨ ᠬᠤᠭᠤᠴᠠᠭ᠎ᠠ ᠲᠤᠮᠲᠠ ᠶᠢᠨ ᠵᠠᠳᠠᠯᠤᠯᠲᠠ ᠶᠢᠨ ᠬᠤᠷᠠᠯ

2017-12-05 / ᠮᠦᠩᠭᠦᠨᠴᠡᠴᠡᠭ

(ᠤᠩᠰᠢᠭᠰᠠᠨ ᠤᠳᠠᠭ᠎ᠠ: 197 ᠤᠳᠠᠭ᠎ᠠ)

ᠲᠡᠭᠡᠲᠤ ᠬᠤᠶᠠᠷ ᠤᠨ   ᠬᠢᠨ ᠬᠤᠭᠤᠴᠠᠭ᠎ᠠ ᠲᠤᠮᠲᠠ ᠶᠢᠨ ᠰᠢᠯᠭᠠᠯᠲᠠ ᠶᠢᠨ ᠲᠠᠷᠠᠭ᠎ᠠ ᠂ ᠰᠢᠯᠭᠠᠯᠲᠠ ᠶᠢᠨ ᠵᠠᠳᠠᠯᠤᠯᠲᠠ ᠶᠢᠨ ᠬᠤᠷᠠᠯ ᠢᠶᠠᠨ ᠪᠠᠭᠰᠢ ᠨᠠᠷ ᠬᠠᠮᠲᠤ  ᠪᠡᠷ ᠬᠤᠷᠠᠯ ᠬᠢᠵᠤ  ᠵᠠᠳᠠᠯᠤᠭᠠᠳ ᠠᠩᠭᠢ ᠶᠢᠨ ᠪᠠᠭᠰᠢ ᠠᠴᠠ ᠰᠤᠷᠤᠭᠴᠢᠳ ᠲᠤ ᠵᠠᠳᠠᠯᠬᠤ ᠬᠠᠭᠤᠴᠢᠨ ᠠᠷᠭ᠎ᠠ  ᠪᠡᠨ ᠦᠭᠡᠷᠡᠴᠢᠯᠡᠵᠤ᠂ ᠪᠠᠭᠰᠢ᠂ ᠭᠡᠷ ᠦᠨ ᠠᠬᠠᠮᠠᠳ᠂ ᠰᠤᠷᠤᠭᠴᠢ ᠬᠠᠮᠲᠤ  ᠪᠡᠷ ᠨᠢᠭᠤᠷᠳᠠᠨ ᠶᠠᠷᠢᠯᠴᠠᠵᠤ ᠵᠠᠳᠠᠯᠬᠤ ᠠᠷᠭ᠎ᠠ ᠶᠢ ᠠᠪᠴᠠᠢ᠃ 11 ᠰᠠᠷ᠎ᠠ ᠶᠢᠨ 18 ᠦ ᠡᠲᠤᠷ ᠤᠨ ᠦᠲᠡ ᠶᠢᠨ ᠬᠤᠢᠢᠨ᠎ᠠ ᠶᠢᠨ 2᠄30  ᠠᠴᠠ 223 ᠪᠦᠯᠦᠭ ᠦᠨ ᠬᠢᠨ ᠂ 11.25  ᠦ ᠡᠲᠤᠷ 224 ᠶᠢᠨ ᠬᠢᠨ ᠵᠠᠳᠠᠯᠤᠯᠲᠠ ᠶᠢᠨ ᠬᠤᠷᠠᠯ ᠢᠶᠠᠨ ᠲᠠᠷᠠᠭᠠᠯᠠᠨ ᠬᠢᠯ᠎ᠡ᠃
ᠬᠤᠷᠠᠯ ᠤᠨ ᠡᠬᠢᠨ ᠳᠦ᠂ ᠠᠩᠭᠢ ᠶᠢᠨ ᠡᠷᠬᠢᠯᠡᠭᠴᠢ ᠡᠴᠡ ᠠᠩᠭᠢ ᠶᠢᠨ ᠵᠢᠡᠨ ᠶᠡᠷᠦᠩᠭᠡᠢ ᠬᠢᠷᠢ ᠪᠦᠲᠦᠮᠵᠢ  ᠳᠦ ᠵᠠᠳᠠᠯᠤᠯᠲᠠ ᠬᠢᠭᠰᠡᠨ ᠦ ᠲᠠᠷᠠᠭ᠎ᠠ᠂ ᠲᠤᠭᠤᠢᠢᠯᠠᠩ ᠤᠨ ᠲᠠᠷᠤᠭ᠎ᠠ  ᠨᠠᠷ ᠦᠪᠡᠷ ᠦᠪᠡᠷ ᠦᠨ ᠲᠤᠭᠤᠶᠢᠯᠠᠩ ᠤᠨ ᠪᠠᠢᠢᠲᠠᠯ ᠪᠠ ᠬᠡᠰᠢᠭᠦᠨ ᠨᠢᠭᠡᠪᠤᠷᠢ ᠳᠤ ᠨᠠᠷᠢᠨ ᠵᠠᠳᠠᠯᠤᠯᠲᠠ ᠬᠢᠵᠤ᠂ ᠬᠢᠴᠢᠶᠡᠯᠯᠡᠭᠴᠢ ᠪᠠᠭᠰᠢ ᠨᠠᠷ ᠡᠯ᠎ᠡ ᠲᠤᠭᠤᠢᠢᠯᠠᠩ ᠳᠤ ᠳ᠋ᠦᠩᠨᠡᠯᠲᠡ  ᠬᠢᠨ ᠂ ᠰᠤᠷᠬᠤ ᠠᠷᠭ᠎ᠠ ᠶᠢᠨ ᠲᠤᠬᠠᠢ ᠵᠢᠯᠤᠭᠤᠳᠴᠤ᠂ ᠰᠤᠷᠤᠭᠴᠢᠳ ᠦᠪᠡᠷ ᠦᠨ ᠢᠶᠡᠨ ᠲᠤᠲᠠᠭᠲᠠᠯ  ᠲᠠᠢ ᠲᠠᠯ᠎ᠠ ᠪᠡᠨ ᠬᠠᠯᠠᠨ  ᠰᠠᠶᠢᠵᠢᠷᠠᠭᠤᠯᠬᠤ ᠠᠷᠭ᠎ᠠ ᠵᠠᠮ ‍ᠢ ᠡᠷᠢᠯᠬᠢᠯᠡᠨ ᠂ ᠲᠠᠷᠠᠭ᠎ᠠ ᠠᠯᠬᠤᠮ ᠳᠤ ᠪᠡᠨ ᠴᠢᠨᠠᠷᠯᠢᠭ ᠰᠤᠷᠤᠯᠴᠠᠬᠤ ᠲᠦᠯᠦᠪᠯᠡᠭᠡ ᠲᠤᠭᠲᠠᠭᠠᠪᠠ᠃ ᠬᠤᠷᠠᠯ ᠤᠨ ᠲᠤᠮᠲᠠ ᠡᠯ᠎ᠡ ᠲᠤᠭᠤᠢᠢᠯᠠᠩ ᠤᠨ ᠬᠢᠨ ᠪᠠᠰᠠ ᠦᠪᠡᠷ ᠦᠨ ᠤᠷ᠎ᠠ ᠴᠢᠳᠠᠪᠤᠷᠢ ᠶᠢᠨ ᠲᠤᠭᠯᠠᠯᠲᠠ ᠪᠡᠨ ᠲᠠᠭᠠᠯᠳᠤᠭᠤᠯᠤᠭᠰᠠᠨ ᠪᠠᠢᠢᠨ᠎ᠠ᠃ ᠡᠨᠡ ᠨᠢ ᠪᠠᠭᠰᠢ ᠨᠠᠷ ᠪᠠ ᠭᠡᠷ ᠦᠨ ᠠᠬᠠᠮᠠᠳ ᠲᠤ ᠭᠡᠤᠭᠡᠳ  ᠢ ᠡᠯ᠎ᠡ ᠲᠠᠯ᠎ᠠ  ᠪᠡᠷ ᠨᠡᠩ ᠰᠡᠢᠢᠨ ᠤᠢᠢᠯᠠᠭᠠᠬᠤ ᠵᠠᠪᠰᠢᠶᠠᠨ ᠢ ᠪᠦᠷᠢᠯᠲᠦᠭᠦᠯᠦᠭᠰᠡᠨ ᠮᠦᠷᠲᠡᠭᠡᠨ ᠰᠤᠷᠤᠭᠴᠢᠳ ᠲᠤ ᠵᠦᠪᠬᠡᠨ ᠨᠤᠮ ᠤᠩᠰᠢᠵᠤ ᠂ ᠪᠢᠴᠢᠭ ᠰᠤᠷᠬᠤ ᠪᠢᠰᠢ ᠬᠠᠷᠢᠨ ᠪᠦᠬᠦ ᠲᠠᠯ᠎ᠠ  ᠪᠡᠷ ᠬᠦᠭᠵᠢᠭᠰᠡᠨ ᠰᠢᠨ᠎ᠡ ᠨᠡᠢᠢᠬᠡᠮ ᠦᠨ ᠴᠢᠳᠠᠪᠤᠷᠢᠲᠠᠨ ᠪᠤᠯᠬᠤ ᠴᠢᠬᠤᠯᠠᠲᠠᠢ ᠭᠡᠰᠡᠨ ᠢ ᠮᠡᠳᠡᠭᠦᠯᠪᠡ᠃ ᠬᠤᠷᠠᠯ ᠤᠨ ᠰᠡᠭᠦᠯᠴᠢ ᠳᠦ ᠠᠩᠭᠢ ᠶᠢᠨ ᠡᠷᠬᠢᠯᠡᠭᠴᠢ ᠪᠠᠭᠰᠢ ᠠᠴᠠ ᠰᠤᠷᠤᠭᠴᠢᠳ ᠤᠨ ᠰᠢᠯᠭᠠᠬᠤ ᠰᠠᠨᠠᠭᠠᠲᠠᠢ 17 ᠰᠤᠷᠭᠠᠭᠤᠯᠢ  ᠢ ᠬᠤᠷᠢᠶᠠᠩᠭᠤᠢᠢᠯᠠᠭᠰᠠᠨ ᠮᠠᠲ᠋ᠧᠷᠢᠶᠠᠯ  ᠢ ᠬᠠᠩᠭᠠᠵᠤ᠂ ᠭᠡᠷ ᠦᠨ ᠠᠬᠠᠮᠠᠳ ᠭᠡᠤᠭᠡᠳ ᠤᠨ ᠪᠠᠢᠢᠳᠠᠯ ᠢ ᠵᠠᠳᠠᠯᠤᠯᠲᠠ ᠶᠢᠨ ᠬᠤᠷᠠᠯ᠂ ᠶᠡᠷᠤ ᠶᠢᠨ ᠴᠠᠭ ᠤᠨ ᠬᠢᠷᠢ ᠪᠦᠲᠦᠮᠵᠢ ᠵᠡᠷᠭᠡ ᠡᠴᠡ ᠤᠢᠢᠯᠠᠭᠠᠭᠰᠠᠨ ᠰᠠᠭᠤᠷᠢᠨ ᠲᠡᠭᠡᠷ᠎ᠡ ᠭᠡᠤᠭᠡᠳ ᠲᠠᠢ  ᠪᠡᠨ ᠨᠠᠷᠢᠨ ᠶᠠᠷᠢᠯᠴᠠᠵᠤ ᠬᠠᠮᠲᠤ  ᠪᠡᠷ ᠲᠠᠷᠠᠭᠠᠴᠢ ᠶᠢᠨ ᠴᠢᠷᠮᠠᠢᠢᠬᠤ ᠬᠠᠷᠠᠯᠲᠠ  ᠪᠡᠨ ᠲᠤᠭᠲᠠᠭᠠᠪᠠ᠃
ᠲᠤᠰ ᠤᠳᠠᠭᠠᠨ ᠤ ᠬᠤᠷᠠᠯ  ᠨᠢ ᠬᠡᠷ  ᠤᠨ ᠠᠬᠠᠮᠠᠳ ᠪᠠ ᠪᠠᠭᠰᠢ᠂ ᠰᠤᠷᠤᠭᠴᠢᠳ ᠤᠨ ᠲᠤᠮᠲᠠ ᠦᠨᠡᠯᠡᠯᠲᠡ ᠮᠠᠰᠢ ᠦᠨᠲᠤᠷ ᠪᠠᠢᠢᠵᠤ᠂ ᠰᠤᠷᠤᠭᠴᠢᠳ ᠴᠤ ᠦᠪᠡᠷ ᠦᠨ ᠴᠢᠷᠮᠠᠢᠢᠬᠤ ᠬᠠᠷᠠᠯᠲᠠ  ᠲᠠᠢ ᠪᠤᠯᠤᠭᠰᠠᠨ ᠠᠴᠠ ᠰᠤᠷᠤᠯᠴᠠᠬᠤ ᠳᠤ ᠶᠠᠬᠡ ᠤᠷᠮ᠎ᠠ  ᠲᠠᠢ ᠪᠤᠯᠤᠭᠰᠠᠨ ᠪᠠᠢᠢᠨ᠎ᠠ᠃ ᠡᠢᠢᠮᠤ ᠠᠴᠠ ᠡᠨᠡ ᠬᠤᠷᠠᠯ ᠢᠶᠠᠨ ᠮᠠᠨ ᠤ ᠲᠤᠭᠤᠢᠢᠯᠠᠩ ᠤᠨ  ᠬᠢᠨ ᠤᠯᠠᠮ ᠨᠢᠭᠡ ᠠᠯᠬᠤᠮ ᠴᠢᠨᠠᠷᠵᠢᠭᠤᠯᠤᠨ ᠲᠦᠭᠡᠮᠡᠯᠵᠢᠭᠦᠯᠬᠦ  ᠪᠡᠷ ᠴᠢᠷᠮᠠᠢᠢᠵᠤ ᠪᠠᠢᠢᠨ᠎ᠠ᠃

image002
image004
image006
image008
image009
image011
image014
image013
image015