Menu

ᠮᠠᠨ  ᠤ ᠰᠤᠷᠭᠠᠭᠤᠯᠢ ᠵᠢᠨ ᠲᠠᠪᠤᠳᠡᠬᠢ ᠤᠳᠠᠭᠠᠨ  ᠣ ︽ ᠭᠤᠷᠪᠠᠨ ᠳᠠᠪᠠᠭ᠎ᠠ ︾ ᠤᠶᠤᠨ ᠴᠢᠳᠠᠪᠤᠷᠢ  ᠶᠢᠨ ᠤᠷᠤᠯᠳᠤᠭᠠᠨ

2017-04-26 / admin

(ᠤᠩᠰᠢᠭᠰᠠᠨ ᠤᠳᠠᠭ᠎ᠠ: 258 ᠤᠳᠠᠭ᠎ᠠ)

ᠤᠷᠳᠥᠰ ᠬᠤᠲᠠ  ᠶᠢᠨ ᠮᠤᠩᠭᠤᠯ ᠥᠨᠳᠤᠰᠤᠲᠡᠨ  ᠤ ᠳᠣᠮᠳᠠᠳᠣ ᠰᠣᠷᠭᠠᠭᠣᠯᠢ  ᠶᠢᠨ ︽ ᠲᠣᠭᠣᠨᠤ ︾ ᠮᠤᠩᠭᠤᠯ ᠨᠤᠮ  ᠤᠨ ᠦᠷᠭᠦᠭᠡᠨ  ᠠᠴᠠ ᠭᠤᠤᠯᠯᠠᠨ ᠡᠷᠬᠢᠯᠡᠵᠤ ᠂ ᠰᠤᠷᠭᠠᠭᠤᠯᠢ  ᠶᠢᠨ ᠡᠪᠯᠡᠯ  ᠤᠨ ᠬᠣᠷᠢᠶ᠎ᠠ ᠂ ᠮᠤᠩᠭᠤᠯ ᠬᠡᠯᠡᠨ  ᠤ ᠳᠤᠭᠤᠶᠢᠯᠠᠩ ᠵᠢᠴᠢ ᠮᠤᠩᠭᠤᠯ ᠰᠤᠶᠤᠯ ᠵᠠᠩ ᠤᠶᠢᠯᠡ ᠵᠢᠨ ᠰᠢᠨᠵᠢᠯᠡᠭᠡᠨ  ᠣ ᠬᠤᠤᠰᠪᠠᠶᠠᠷ ᠪᠠᠭᠰᠢ  ᠠᠴᠠ ᠬᠠᠮᠲᠤᠷᠠᠨ ᠵᠤᠬᠢᠶᠠᠨ ᠪᠠᠶᠢᠭᠤᠯᠤᠭᠰᠠᠨ ᠲᠠᠪᠤᠳᠡᠬᠢ ᠤᠳᠠᠭᠠᠨ  ᠣ ︽ ᠭᠤᠷᠪᠠᠨ ᠳᠠᠪᠠᠭ᠎ᠠ ︾ ᠤᠶᠤᠨ ᠴᠢᠳᠠᠪᠤᠷᠢ ᠶᠢᠨ ᠤᠷᠤᠯᠳᠤᠭᠠᠨ 4 ᠰᠠᠷ᠎ᠠ  ᠶᠢᠨ 18  ᠠᠴᠠ 20  ᠣ ᠡᠳᠦᠷ ᠪᠤᠯᠲᠠᠯ᠎ᠠ ᠠᠮᠵᠢᠯᠲᠠᠲᠠᠢ ᠶᠠᠪᠤᠭᠳᠠᠯ᠎ᠠ ᠃

ᠦᠩᠭᠡᠷᠡᠭᠰᠡᠨ ᠵᠢᠯ  ᠤᠳ ᠲᠣ ︽ ᠭᠤᠷᠪᠠᠨ ᠳᠠᠪᠠᠭ᠎ᠠ ︾ ᠤᠷᠤᠯᠳᠤᠭᠠᠨ ᠳ᠋ᠥ ᠠᠩᠭᠢ ᠪᠤᠯᠭᠠᠨ  ᠠᠴᠠ 3 ᠰᠤᠷᠤᠭᠴᠢ ᠤᠷᠤᠯᠴᠠᠵᠤ ᠂ ᠨᠡᠶᠢᠳᠡ 50 ᠰᠤᠷᠤᠭᠴᠢ ᠬᠦᠷᠴᠦ ᠪᠠᠶᠢᠭᠰᠠᠨ ᠪᠤᠯ ᠦᠨᠦ ᠵᠢᠯ ᠬᠠᠷᠢᠨ ᠳᠡᠭᠡᠳᠤ ᠨᠢᠭᠡ ᠂ ᠬᠤᠶᠠᠳᠤᠭᠠᠷ ᠤᠨ  ᠣ 16 ᠠᠩᠭᠢ ᠵᠢᠨ ᠠᠩᠭᠢ ᠪᠤᠯᠭᠠᠨ  ᠠᠴᠠ 10 ᠰᠤᠷᠤᠭᠴᠢ ᠤᠷᠤᠯᠴᠠᠨ ᠨᠡᠶᠢᠳᠡ 160 ᠰᠤᠷᠤᠭᠴᠢ ᠳ᠋ᠥ ᠬᠦᠷᠦᠭᠰᠡᠨ ᠪᠠᠶᠢᠨ᠎ᠠ ᠃

ᠡᠭᠦᠨ ᠳ᠋ᠥ 160 ᠰᠤᠷᠤᠭᠴᠢ  ᠠᠴᠠ 48  ᠨᠢ 4 ᠰᠠᠷ᠎ᠠ  ᠶᠢᠨ 18  ᠣ ᠡᠳᠦᠷ ᠮᠤᠩᠭᠤᠯ ᠵᠠᠩ ᠵᠠᠩᠰᠢᠯ ᠂ ᠰᠤᠶᠤᠯ ᠢᠷᠭᠡᠨᠰᠢᠯ  ᠤᠨ ᠲᠤᠬᠠᠢ ᠠᠰᠠᠭᠤᠯᠲᠠ ᠬᠠᠷᠢᠭᠤᠯᠬᠤ ᠰᠡᠳᠦᠪ  ᠢ ᠪᠢᠷ  ᠤᠨ ᠰᠢᠯᠭᠠᠯᠲᠠ  ᠪᠡᠷ ᠳᠠᠮᠵᠢᠨ ︽ ᠤᠶᠤᠨ  ᠣ ᠲᠠᠷ ︾  ᠠᠩᠬᠠᠨ  ᠣ ᠳᠠᠪᠠᠭ᠎ᠠ  ᠪᠡᠨ ᠳᠠᠪᠠᠭᠰᠠᠨ ᠪᠠᠶᠢᠨ᠎ᠠ ᠃

4 ᠰᠠᠷ᠎ᠠ  ᠶᠢᠨ 19  ᠣ ᠡᠳᠦᠷ 96 ᠰᠤᠷᠤᠭᠴᠢ ᠮᠤᠩᠭᠤᠯ ᠳᠠᠩ ᠦᠭᠡ ᠂ ᠬᠤᠯᠪᠤᠭ᠎ᠠ ᠦᠭᠡ ᠰᠤᠨᠤᠰᠴᠤ ᠪᠢᠴᠢᠬᠦ  ᠪᠠᠷ ᠲᠠᠮᠵᠢᠨ ︽ ᠪᠢᠯᠢᠭ  ᠤᠨ ᠬᠤᠷ᠎ᠠ ︾  ᠬᠤᠶᠠᠳᠠᠬᠢ ᠳᠠᠪᠠᠭ᠎ᠠ  ᠪᠠᠨ ᠳᠠᠪᠠᠯ᠎ᠠ ᠃

4 ᠰᠠᠷ᠎ᠠ  ᠶᠢᠨ 20  ᠤ ᠡᠳᠥᠷ ᠭᠤᠷᠪᠠᠳᠤᠭᠠᠷ ᠳᠠᠪᠠᠭ᠎ᠠ  ︽ ᠬᠡᠯᠡᠨ  ᠤ ᠤᠷ᠎ᠠ ︾ ᠳ᠋ᠥ 16 ᠰᠤᠷᠤᠭᠴᠢ ᠴᠢᠯᠤᠭᠡᠲᠤ ᠰᠡᠳᠤᠪ  ᠢᠶᠠᠷ 3 ︱ 5  ᠮᠢᠨᠦ᠋ᠲ ᠦᠨ ᠶᠠᠷᠢᠶ᠎ᠠ ᠢᠯᠡᠳᠭᠡᠯ ᠬᠢᠵᠤ ᠤᠷᠤᠯᠳᠤᠭᠠᠨ  ᠢ ᠠᠮᠵᠢᠯᠲᠠᠲᠠᠢ ᠲᠡᠬᠦᠰᠭᠡᠪᠡ ᠃

ᠡᠴᠤᠰ  ᠤᠨ ᠦᠷ᠎ᠡ ᠳ᠋ᠦᠩ ᠳ᠋ᠥ ᠳᠠᠪᠠᠭ᠎ᠠ ᠪᠦᠷᠢ ᠳ᠋ᠥ ᠤᠯᠤᠭᠰᠠᠨ ᠬᠤᠪᠢ  ᠶᠢ ᠨᠡᠶᠢᠯᠡᠬᠦᠯᠦᠭᠰᠡᠨ ᠶᠡᠷᠦᠩᠭᠡᠢ ᠬᠤᠪᠢ  ᠶᠢᠨ ᠲᠠᠷᠠᠭᠠᠯᠠᠯ ᠵᠢᠡᠷ ᠨᠢᠭᠡᠳᠦᠭᠡᠷ ᠳᠡᠰ ᠲᠣ 215 ᠳ᠋ᠤᠭᠠᠷ ᠪᠦᠯᠦᠭ ᠂ ᠬᠤᠶᠠᠳᠤᠭᠠᠷ ᠳᠡᠰ ᠲᠣ 213 ᠂ 214 ᠳ᠋ᠤᠭᠡᠷ ᠪᠦᠯᠦᠭ ᠂ ᠭᠤᠷᠪᠠᠳᠤᠭᠠᠷ ᠳᠡᠰ ᠲᠣ 209 ᠂ 217 ᠂ 223 ᠳ᠋ᠤᠭᠠᠷ ᠪᠦᠯᠦᠭ ᠲᠤᠰ ᠲᠤᠰ ᠲᠤᠳᠤᠷᠠᠭᠰᠠᠨ ᠪᠠᠶᠢᠨ᠎ᠠ ᠃