Menu

ᠦᠨᠳᠦᠰᠦᠳᠡᠨ  ᠤ ᠤᠯᠠᠮᠵᠢᠯᠠᠯᠳᠤ ᠶᠤᠰᠤ ᠰᠤᠷᠳᠠᠬᠤᠨ  ᠤ ᠬᠦᠮᠦᠵᠢᠯ ᠦᠢᠯᠡᠳᠦᠯᠭᠡ ᠵᠢᠨ ᠬᠢᠴᠢᠶᠡᠯ

2017-04-25 / admin

(ᠤᠩᠰᠢᠭᠰᠠᠨ ᠤᠳᠠᠭ᠎ᠠ: 235 ᠤᠳᠠᠭ᠎ᠠ)

ᠴᠢᠩᠬᠢᠰ ᠬᠠᠭᠠᠨ  ᠤ ᠲᠠᠬᠢᠯᠭ᠎ᠠ  ᠶᠢ ᠲᠤᠯᠤᠢ ᠡᠬᠢᠯᠡᠬᠦᠯᠵᠤ ᠦᠭᠡᠳᠡᠢ ᠬᠠᠭᠠᠨ ᠡᠴᠢᠭᠡ ᠵᠢᠨ ᠵᠢᠡᠨ ᠭᠠᠪᠢᠶ᠎ᠠ ᠵᠢᠳᠬᠦᠯ  ᠢ ᠢᠰᠡᠭᠡᠢ ᠲᠤᠭᠤᠷᠭᠠᠳᠠᠨ ᠳ᠋ᠥ ᠮᠦᠩᠭᠡᠵᠢᠬᠦᠯᠬᠦ ᠵᠤᠷᠢᠯᠭ᠎ᠠ  ᠪᠠᠷ ᠴᠢᠩᠬᠢᠰ  ᠤᠨ ᠲᠠᠶᠢᠯᠭ᠎ᠠ ᠲᠠᠬᠢᠯᠭ᠎ᠠ  ᠶᠢ ᠮᠤᠩᠭᠤᠯ  ᠤᠨ ᠲᠦᠷᠦ ᠶᠤᠰᠤ ᠪᠦᠭᠡ ᠮᠦᠷᠬᠦᠯ  ᠤᠨ ᠵᠠᠩ ᠦᠢᠯᠡ ᠳ᠋ᠥ ᠲᠤᠯᠭᠠᠭᠤᠷᠢᠯᠠᠭᠤᠯᠤᠨ ᠪᠤᠢ ᠪᠤᠯᠭᠠᠵᠠᠢ ᠃ ᠴᠢᠩᠬᠢᠰ ᠬᠠᠭᠠᠨ  ᠤ ᠲᠠᠶᠢᠯᠭ᠎ᠠ ᠳ᠋ᠥ ᠡᠳᠤᠷ  ᠤᠨ ᠲᠠᠶᠢᠯᠭ᠎ᠠ ᠂ ᠰᠠᠷ᠎ᠠ ᠵᠢᠨ ᠲᠠᠶᠢᠯᠭ᠎ᠠ ᠂ ᠮᠢᠯᠢᠶᠠᠭᠤᠳ  ᠤᠨ ᠲᠠᠶᠢᠯᠭ᠎ᠠ ᠂ ᠤᠭᠤᠷᠠᠭ ᠬᠤᠷᠠᠭᠠᠨ ᠲᠠᠶᠢᠯᠭ᠎ᠠ ᠂ ᠲᠠᠶᠢᠵᠢ  ᠨᠠᠷ  ᠤᠨ ᠲᠠᠶᠢᠯᠭ᠎ᠠ ᠂ ᠬᠠᠪᠤᠷ  ᠤᠨ ᠤᠯᠠᠷᠢᠯ  ᠤᠨ ᠴᠠᠭᠠᠨ ᠰᠦᠷᠦᠭ  ᠤᠨ ᠶᠡᠭᠡ ᠬᠤᠷᠢᠮ ᠂ ᠵᠤᠨ  ᠤ ᠤᠯᠠᠷᠢᠯ  ᠤᠨ ᠨᠠᠭᠤᠷ  ᠤᠨ ᠶᠡᠭᠡ ᠬᠤᠷᠢᠮ ᠂ ᠨᠠᠮᠤᠷ  ᠤᠨ ᠤᠯᠠᠷᠢᠯ  ᠤᠨ ᠱᠦᠷᠭᠡ ᠵᠢᠨ ᠶᠡᠭᠡ ᠬᠤᠷᠢᠮ ᠂ ᠡᠪᠤᠯ  ᠤᠨ ᠤᠯᠠᠷᠢᠯ  ᠤᠨ ᠲᠠᠰᠠᠮᠠᠨ ᠶᠡᠭᠡ ᠬᠤᠷᠢᠮ ᠵᠡᠷᠭᠡ ᠲᠠᠶᠢᠯᠭ᠎ᠠ ᠪᠤᠢ ᠃ ᠴᠢᠩᠬᠢᠰ  ᠤᠨ ᠭᠡᠭᠡᠨ ᠲᠦᠷᠢ  ᠶᠢ ᠵᠠᠯᠠᠵᠤ ᠲᠠᠬᠢᠭᠰᠠᠨ ᠴᠠᠭᠠᠨ ᠤᠷᠳᠤᠨ ᠳ᠋ᠥ ᠡᠳᠤᠷ ᠪᠦᠷᠢ ᠰᠠᠩ ᠲᠠᠯᠪᠢᠵᠤ ᠮᠦᠩᠭᠡ ᠵᠤᠯᠠ ᠡᠷᠬᠦᠳᠡᠭ ᠵᠠᠩ ᠦᠢᠯᠡ  ᠶᠢ ᠡᠳᠤᠷ  ᠤᠨ ᠲᠠᠬᠢᠯᠭ᠎ᠠ ᠪᠤᠶᠤ ᠡᠩ  ᠤᠨ ᠲᠠᠬᠢᠯᠭ᠎ᠠ ᠭᠡᠳᠡᠭ ᠃ ᠰᠠᠷ᠎ᠠ ᠵᠢᠨ ᠲᠠᠬᠢᠯᠭ᠎ᠠ  ᠶᠢ ᠰᠠᠷ᠎ᠠ ᠪᠦᠷᠢ ᠵᠢᠨ ᠰᠢᠨ᠎ᠡ ᠵᠢᠨ ᠨᠢᠭᠡᠨ ᠂ ᠰᠢᠨ᠎ᠡ ᠵᠢᠨ ᠭᠤᠷᠪᠠᠨ ᠳ᠋ᠥ ᠬᠢᠳᠡᠭ ᠂ ᠪᠠᠰᠠ ᠪᠠᠭ᠎ᠠ ᠲᠠᠬᠢᠯᠭ᠎ᠠ ᠭᠡᠨ᠎ᠡ ᠃ ᠭᠤᠷᠪᠠᠨ ᠵᠢᠯ ᠳ᠋ᠥ ᠨᠢᠭᠡ ᠤᠳᠠᠭ᠎ᠠ ᠲᠠᠪᠤᠨ ᠰᠠᠷ᠎ᠠ ᠵᠢᠨ ᠠᠷᠪᠠᠨ ᠬᠤᠶᠠᠷ  ᠤᠨ ᠡᠳᠤᠷ ᠴᠢᠩᠬᠢᠰ  ᠤᠨ ᠴᠤᠮᠴᠤᠭ ᠤᠷᠳᠤᠨ  ᠤ ᠪᠦᠷᠢᠶᠡᠰᠤ  ᠶᠢ ᠰᠢᠨᠡᠳᠭᠡᠨ ᠮᠢᠯᠢᠶᠠᠳᠠᠭ  ᠢ ᠮᠢᠯᠢᠶᠠᠭᠤᠳ  ᠤᠨ ᠲᠠᠬᠢᠯᠭ᠎ᠠ ᠭᠡᠳᠡᠭ ᠃

ᠴᠢᠩᠬᠢᠰ ᠬᠠᠭᠠᠨ  ᠤ ᠲᠠᠶᠢᠯᠭ᠎ᠠ ᠲᠤᠳᠤᠷ᠎ᠠ  ᠡᠴᠡ ᠲᠦᠷᠪᠡᠨ ᠴᠠᠭ  ᠤᠨ ᠬᠤᠷᠢᠮ ᠪᠤᠯ ᠬᠠᠮᠤᠭ ᠶᠡᠭᠡ  ᠨᠢ ᠪᠠᠶᠢᠵᠤ ᠲᠤᠰ ᠲᠤᠰ ᠪᠢᠯᠢᠭ  ᠤᠨ ᠤᠯᠠᠷᠢᠯ  ᠤᠨ ᠭᠤᠷᠪᠠᠨ ᠰᠠᠷ᠎ᠠ ᠵᠢᠨ ᠬᠤᠷᠢᠨ ᠨᠢᠭᠡᠨ ᠂ ᠲᠠᠪᠤᠨ ᠰᠠᠷ᠎ᠠ ᠵᠢᠨ ᠠᠷᠪᠠᠨ ᠲᠠᠪᠤᠨ ᠂ ᠶᠢᠰᠦᠨ ᠰᠠᠷ᠎ᠠ ᠵᠢᠨ ᠠᠷᠪᠠᠨ ᠬᠤᠶᠠᠷ ᠂ ᠠᠷᠪᠠᠨ ᠰᠠᠷ᠎ᠠ ᠵᠢᠨ ᠰᠢᠨ᠎ᠡ ᠵᠢᠨ ᠭᠤᠷᠪᠠᠨ ᠳ᠋ᠥ ᠶᠠᠪᠤᠭᠳᠠᠳᠠᠭ ᠃ ᠲᠦᠷᠪᠡᠨ ᠤᠯᠠᠷᠢᠯ  ᠤᠨ ᠬᠤᠷᠢᠮ  ᠡᠴᠡ ᠬᠠᠪᠤᠷ  ᠤᠨ ᠤᠯᠠᠷᠢᠯ  ᠤᠨ ᠴᠠᠭᠠᠨ ᠰᠦᠷᠦᠭ  ᠤᠨ ᠲᠠᠶᠢᠯᠭ᠎ᠠ  ᠨᠢ ᠬᠠᠮᠤᠭ ᠶᠡᠭᠡ  ᠨᠢ ᠪᠠᠶᠢᠵᠤ ᠂ ᠪᠠᠰᠠ ᠡᠰᠦᠭ  ᠤᠨ ᠲᠠᠬᠢᠯᠭ᠎ᠠ ᠭᠡᠳᠡᠭ ᠪᠦᠭᠡᠳ ᠤᠷᠳᠤᠰ ᠲᠤᠭᠠᠯᠠᠯ ᠵᠢᠡᠷ ᠵᠢᠷᠭᠤᠭᠠᠨ ᠰᠠᠷ᠎ᠠ ᠵᠢᠨ ᠬᠤᠷᠢᠨ ᠨᠢᠭᠡᠨ ᠳ᠋ᠥ ᠶᠠᠪᠤᠭᠳᠠᠳᠠᠭ ᠪᠠᠶᠢᠨ᠎ᠠ ᠃

ᠮᠠᠨ  ᠤ ᠰᠤᠷᠭᠠᠭᠤᠯᠢ ᠰᠤᠶᠤᠯ  ᠤᠨ ᠪᠦᠳᠦᠭᠡᠨ ᠪᠠᠶᠢᠭᠤᠯᠤᠯᠳᠠ  ᠶᠢ ᠭᠤᠤᠯ ᠪᠠᠶᠢᠷᠢᠨ ᠳ᠋ᠥ ᠲᠠᠯᠪᠢᠵᠤ ᠴᠢᠬᠤᠯᠠᠴᠢᠯᠠᠨ ᠬᠢᠵᠤ ᠪᠠᠶᠢᠭ᠎ᠠ ᠪᠦᠭᠡᠳ ᠡᠬᠦᠨ ᠳ᠋ᠥ ᠦᠨᠳᠦᠰᠦᠳᠡᠨ  ᠤ ᠤᠯᠠᠮᠵᠢᠯᠠᠯᠳᠤ ᠰᠤᠶᠤᠯ  ᠤᠨ ᠪᠦᠳᠦᠭᠡᠨ ᠪᠠᠶᠢᠭᠤᠯᠤᠯᠳᠠ ᠪᠠ ᠬᠦᠮᠦᠵᠢᠯ  ᠨᠢ ᠵᠤᠩᠬᠢᠯᠠᠬᠤ ᠪᠠᠶᠢᠷᠢ  ᠶᠢ ᠡᠵᠡᠯᠡᠵᠤ ᠪᠠᠶᠢᠭ᠎ᠠ ᠶᠤᠮ ᠃ ᠡᠨᠡ ᠵᠢᠯ  ᠤᠨ ᠴᠢᠩᠬᠢᠰ ᠬᠠᠭᠠᠨ  ᠤ ᠤᠩᠭᠤᠨ ᠰᠢᠳᠤᠭᠡᠨ  ᠤ ᠲᠠᠶᠢᠯᠭ᠎ᠠ ︵ ᠴᠠᠭᠠᠨ ᠰᠦᠷᠦᠭ  ᠤᠨ ᠲᠠᠶᠢᠯᠭ᠎ᠠ ︶ ᠳ᠋ᠥ ᠰᠤᠷᠭᠠᠭᠤᠯᠢ  ᠡᠴᠡ ᠨᠢᠭᠡᠳᠤᠯᠳᠠᠢ ᠵᠤᠬᠢᠶᠠᠨ ᠪᠠᠶᠢᠭᠤᠯᠵᠤ ᠪᠦᠬᠦ ᠪᠠᠭᠰᠢ ᠰᠤᠷᠤᠭᠴᠢᠳ ᠴᠦᠮ ᠤᠷᠤᠯᠴᠠᠭᠰᠠᠨ ᠪᠠᠶᠢᠨ᠎ᠠ ᠃ ᠲᠠᠶᠢᠯᠭ᠎ᠠ ᠲᠠᠬᠢᠯᠭ᠎ᠠ ᠵᠢᠨ ᠶᠤᠰᠤ ᠵᠠᠩᠰᠢᠯ ᠢ ᠨᠡᠩ ᠰᠠᠶᠢᠨ ᠤᠶᠢᠯᠠᠭᠠᠵᠤ ᠮᠡᠳᠡᠭᠦᠯᠬᠦ ᠡᠬᠦᠳᠡᠨ ᠡᠴᠡ ᠡᠮᠦᠨ᠎ᠡ ᠭᠠᠷᠠᠭ  ᠨᠢ ᠪᠦᠬᠦ ᠪᠠᠭᠰᠢ ᠰᠤᠷᠤᠭᠴᠢᠳ ᠲᠣ  ᠪᠠᠨ ᠴᠢᠩᠭᠢᠰ ᠬᠠᠭᠠᠨ ᠤ ᠤᠩᠭᠤᠨ ᠤ ᠵᠢᠭᠤᠯᠴᠢᠯᠠᠯ ᠤᠨ ᠤᠷᠤᠨ  ᠤ ᠰᠤᠶᠤᠯ ᠵᠢᠭᠤᠯᠴᠢᠯᠠᠯ  ᠤᠨ ᠲᠤᠪᠴᠢᠶᠠᠨ ᠲᠠᠷᠤᠭ᠎ᠠ ᠲᠨᠩ  ᠳᠠᠯᠠᠢ  ᠶᠢ ᠤᠷᠢᠵᠤ ︽ ᠨᠠᠢᠮᠠᠨ ᠵᠠᠭᠤᠨ ᠤᠨ ᠦ ᠮᠦᠬᠦᠰᠢ ᠦᠭᠡᠢ ᠮᠦᠩᠭᠡ ᠵᠤᠯᠠ  ᠴᠢᠩᠭᠢᠰ ᠬᠠᠭᠠᠨ ᠤ ᠵᠣᠷᠢᠭ ᠰᠠᠨᠠᠭᠠᠨ ᠤ ᠤᠯᠠᠮᠵᠢᠯᠠᠯ ᠤᠨ ᠲᠤᠬᠠᠢ ᠲᠤᠪᠴᠢ ᠶᠠᠷᠢᠶ᠎ᠠ ︾ ᠭᠡᠬᠦ ᠰᠡᠳᠦᠪ ᠵᠶᠡᠷ ᠶᠠᠷᠢᠶ᠎ᠠ ᠲᠠᠶᠢᠯᠤᠮᠵᠢ ᠬᠢᠯᠭᠡᠨ ᠂ ᠲᠠᠶᠢᠯᠤᠮᠵᠢ ᠵᠢᠨ ᠲᠠᠷᠠᠭ᠎ᠠ ᠠᠩᠬᠢ ᠪᠤᠯᠭᠠᠨ ᠲᠤᠰᠬᠠᠢ ᠰᠡᠳᠤᠪᠳᠤ ᠠᠩᠭᠢ ᠵᠢᠨ ᠬᠤᠷᠠᠯ ᠬᠢᠵᠤ ᠂ ᠬᠦᠭᠵᠢᠶᠡᠨᠳᠤ ᠶᠠᠷᠢᠯᠴᠠᠭ᠎ᠠ ᠦᠷᠨᠢᠭᠦᠯᠦᠭᠰᠡᠨ ᠮᠦᠷᠲᠡᠭᠡᠨ ᠲᠠᠶᠢᠯᠭ᠎ᠠ ᠵᠢᠨ ᠳᠠᠷᠠᠭ᠎ᠠ ᠰᠤᠷᠤᠭᠴᠢ ᠪᠤᠯᠭᠠᠨ ᠵᠢᠡᠷ ᠨᠢᠭᠡ ᠬᠤᠪᠢ ᠳᠦᠷᠦᠭᠳᠡᠯ ᠪᠢᠴᠢᠭᠦᠯᠵᠦ ᠰᠢᠯᠢᠳᠡᠭ  ᠢ  ᠨᠢ ᠰᠢᠯᠭᠠᠷᠠᠭᠤᠯᠤᠭᠰᠠᠨ ᠵᠡᠷᠭᠡ ᠰᠢᠷᠢᠰ ᠬᠦᠳᠡᠯᠭᠡᠭᠡᠨ ᠦᠷᠨᠢᠭᠦᠯᠵᠡᠢ ᠃ ᠡᠬᠦᠪᠡᠷ ᠲᠠᠮᠵᠢᠨ ᠰᠤᠷᠤᠭᠴᠢᠳ  ᠤᠨ ᠦᠨᠳᠦᠰᠦᠳᠡᠨ ᠵᠢᠡᠨ ᠬᠠᠶᠢᠷᠠᠯᠠᠬᠤ ᠂ ᠦᠨᠳᠦᠰᠦᠳᠡᠨ ᠳ᠋ᠥ  ᠪᠠᠨ ᠬᠠᠷᠢᠭᠤᠴᠠᠬᠤ ᠤᠷᠬᠢᠯᠤᠮ᠎ᠠ ᠰᠡᠳᠬᠢᠯᠭᠡ  ᠶᠢ ᠤᠯᠠᠮ ᠪᠠᠳᠠᠷᠠᠭᠤᠯᠤᠭᠰᠠᠨ ᠵᠢᠡᠷ ᠪᠠᠷᠠᠬᠤ ᠦᠭᠡᠢ ᠰᠤᠷᠤᠭᠴᠢᠳ  ᠤᠨ ᠰᠤᠷᠤᠯᠴᠠᠬᠤ ᠡᠴᠦᠰ  ᠤᠨ ᠬᠠᠷᠠᠯᠳᠠ  ᠶᠢ ᠲᠤᠳᠤᠷᠠᠭᠤᠯᠵᠤ ᠂ ᠰᠤᠷᠤᠯᠴᠠᠬᠤ ᠤᠷᠮ᠎ᠠ ᠵᠤᠷᠢᠭ  ᠢ ᠨᠢ ᠬᠦᠭᠵᠢᠭᠡᠭᠰᠡᠨ ᠪᠠᠶᠢᠨ᠎ᠠ ᠃ ᠡᠨᠡ  ᠨᠢ ᠪᠠᠭᠰᠢ ᠰᠤᠷᠤᠭᠴᠢᠳ ᠲᠣ ᠠᠪᠴᠤ ᠭᠡᠯᠡᠪᠡᠯ ᠴᠢᠩᠬᠢᠰ  ᠤᠨ ᠤᠩᠭᠤᠨ  ᠤ ᠲᠠᠶᠢᠯᠭ᠎ᠠ ᠲᠠᠬᠢᠯᠭ᠎ᠠ  ᠶᠢ ᠪᠡᠶ᠎ᠡ  ᠪᠠᠷ ᠵᠢᠡᠨ ᠲᠠᠨᠢᠨ ᠤᠬᠠᠮᠰᠠᠷᠯᠠᠬᠤ ᠳ᠋ᠥ ᠨᠦᠬᠦᠴᠡᠯ ᠬᠠᠩᠭᠠᠭᠰᠠᠨ ᠵᠢᠡᠷ ᠪᠠᠷᠠᠬᠤ ᠦᠭᠡᠢ ᠮᠦᠨᠴᠤ ᠨᠢᠭᠡᠨ ᠤᠳᠠᠭᠠᠨ  ᠤ ᠶᠡᠭᠡ ᠭᠡᠪᠴᠢᠶᠡᠨ  ᠤ ᠦᠵᠡᠬᠦᠯᠭᠡ ᠵᠢᠨ ᠬᠢᠴᠢᠶᠡᠯ ᠪᠤᠯᠵᠤ ᠪᠤᠳᠠᠳᠤ ᠠᠭᠤᠯᠭ᠎ᠠ ᠪᠦᠬᠦᠢ ᠬᠦᠨ ᠠᠴᠢ ᠬᠤᠯᠪᠤᠭᠳᠠᠯ  ᠲᠠᠢ ᠬᠦᠮᠦᠵᠢᠯ  ᠤᠨ ᠬᠢᠴᠢᠶᠡᠯ ᠪᠤᠯᠤᠭᠰᠠᠨ ᠪᠠᠶᠢᠨ᠎ᠠ ᠃ ᠡᠨᠡ  ᠨᠢ ᠮᠦᠨᠴᠦ ᠰᠤᠷᠭᠠᠭᠤᠯᠢ  ᠡᠴᠡ ᠪᠤ ᠲᠡᠷᠢᠬᠦᠯᠡᠭᠴᠢ ᠵᠢᠨ ᠮᠠᠨ  ᠤ ᠰᠤᠷᠭᠠᠭᠤᠯᠢ  ᠶᠢ ᠲᠤᠭᠤᠷᠢᠨ ᠪᠠᠶᠢᠴᠠᠭᠠᠬᠤ ᠳ᠋ᠥ ᠴᠢᠬᠤᠯᠠᠴᠢᠯᠠᠭᠰᠠᠨ ︽ ᠦᠨᠳᠦᠰᠦᠳᠡᠨ  ᠤ ᠤᠯᠠᠮᠵᠢᠯᠠᠯᠳᠤ ᠰᠤᠶᠤᠯ ᠪᠤᠯ ᠴᠢᠬᠤᠯᠠ ᠠᠴᠢ ᠬᠤᠯᠪᠤᠭᠳᠠᠯ  ᠲᠠᠢ ᠶᠤᠮ ᠃ ᠦᠨᠳᠦᠰᠦᠳᠡᠨ  ᠤ ᠰᠢᠯᠢᠳᠡᠭ ᠤᠯᠠᠮᠵᠢᠯᠠᠯ ᠵᠢᠡᠨ ᠦᠷᠬᠦᠯᠵᠢᠯᠡᠨ ᠤᠯᠠᠮᠵᠢᠯᠠᠨ ᠪᠠᠳᠠᠷᠠᠭᠤᠯᠵᠤ ᠂ ᠰᠤᠷᠤᠭᠴᠢᠳ ᠲᠣ ᠨᠠᠩ ᠤᠯᠠᠨ ᠤᠯᠠᠮᠵᠢᠯᠠᠯᠳᠤ ᠴᠢᠳᠠᠪᠤᠷᠢ  ᠶᠢ ᠡᠵᠡᠮᠰᠢᠬᠦᠯᠦᠨ ᠂ ᠤᠯᠠᠨ ᠵᠦᠢᠯ  ᠤᠨ ᠠᠷᠭ᠎ᠠ ᠵᠠᠮ ᠵᠢᠡᠷ ᠦᠨᠳᠦᠰᠦᠳᠡᠨ  ᠤ ᠰᠢᠯᠢᠳᠡᠭ ᠴᠢᠳᠠᠪᠤᠷᠢᠳᠠᠨ  ᠢ ᠬᠦᠮᠦᠵᠢᠬᠦᠯᠬᠦ ᠭᠡᠷᠡᠭᠳᠡᠢ ︕ ︾ ᠭᠡᠬᠦ ᠱᠠᠭᠠᠷᠳᠠᠯᠭ᠎ᠠ  ᠶᠢ ᠪᠤᠳᠠᠳᠤ ᠠᠵᠢᠯᠯᠠᠭ᠎ᠠ ᠲᠡᠭᠡᠷ᠎ᠡ ᠪᠡᠶᠡᠯᠡᠬᠦᠯᠵᠤ ᠪᠠᠶᠢᠭ᠎ᠠ ᠵᠢᠨ ᠭᠡᠰᠡᠭ ᠠᠭᠤᠯᠭ᠎ᠠ ᠪᠤᠯᠬᠤ ᠶᠤᠮ ᠃

111

112

113

114

115

116

117

118