Menu

ᠮᠠᠨ  ᠤ ᠰᠤᠷᠭᠠᠭᠤᠯᠢ ᠵᠢᠨ ᠬᠢᠮᠢ ᠵᠢᠨ ᠲᠤᠭᠤᠶᠢᠯᠠᠩ ︽ ᠭᠠᠶᠢᠬᠠᠮᠰᠢᠭᠳᠤ ᠬᠢᠮᠢ ᠬᠡᠷᠡᠭᠴᠡᠬᠡᠳᠤ ᠬᠢᠮᠢ ︾ ᠭᠡᠬᠦ ᠦᠵᠡᠬᠦᠯᠭᠡ ᠵᠢᠨ ᠬᠦᠳᠡᠯᠭᠡᠭᠡᠨ  ᠢ ᠦᠷᠨᠢᠬᠦᠯᠪᠡ

2017-04-14 / admin

(ᠤᠩᠰᠢᠭᠰᠠᠨ ᠤᠳᠠᠭ᠎ᠠ: 89 ᠤᠳᠠᠭ᠎ᠠ)

︽ ᠭᠠᠶᠢᠬᠠᠮᠰᠢᠭᠳᠤ ᠬᠢᠮᠢ  ᠬᠡᠷᠡᠭᠴᠡᠬᠡᠳᠤ ᠬᠢᠮᠢ  II ︾

ᠬᠢᠮᠢ ᠪᠤᠯ ᠨᠢᠬᠡ ᠳᠦᠷᠦᠯ  ᠤᠨ ᠭᠠᠶᠢᠬᠠᠮᠰᠢᠭᠳᠤ ᠰᠢᠨᠵᠢ ᠪᠠᠶᠢᠳᠠᠯ  ᠢᠶᠠᠷ ᠤᠨᠴᠠᠭᠠᠢ ᠪᠠᠶᠢᠳᠠᠭ ᠰᠢᠨᠵᠢᠯᠡᠬᠦ ᠤᠬᠠᠭᠠᠨ ᠶᠤᠮ ᠃ ᠪᠢᠳᠡᠨ  ᠤ ᠮᠡᠳᠡᠬᠡᠵᠢ  ᠪᠠᠷ ᠠᠮᠢᠳᠤᠷᠠᠯ ᠳᠤᠮᠳᠠ ᠳᠤᠭ᠎ᠠ ᠳᠤᠮᠰᠢ ᠦᠬᠡᠢ ᠬᠢᠮᠢ  ᠶᠢᠨ ᠦᠵᠡᠭᠳᠡᠯ ᠪᠤᠢ ᠂ ᠡᠬᠦᠨ  ᠳᠤ ᠵᠠᠷᠢᠮ  ᠨᠢ ᠠᠶᠤᠯᠭᠠᠨ ᠰᠤᠴᠢᠭᠠᠬᠤ ᠶᠸᠯᠸᠢ ᠵᠢᠨ ᠦᠵᠡᠭᠳᠡᠯ ᠮᠡᠳᠦ  ᠪᠠᠷ ᠬᠦᠮᠦᠰ  ᠤᠨ ᠪᠠᠬᠠᠷᠬᠠᠯ  ᠢ ᠳᠠᠳᠠᠳᠠᠭ ᠃ ᠬᠢᠮᠢ  ᠨᠢ ᠮᠦᠨᠴᠤ ᠨᠢᠬᠡᠨ ᠳᠦᠷᠦᠯ  ᠤᠨ ᠭᠡᠷᠡᠭᠯᠡᠬᠡᠨ  ᠤ ᠴᠢᠨᠠᠷ  ᠢᠶᠠᠷ ᠮᠠᠰᠢ ᠴᠢᠩᠭ᠎ᠠ ᠰᠢᠨᠵᠢᠯᠡᠬᠦ ᠤᠬᠠᠭᠠᠨ ᠪᠤᠯᠤᠭᠰᠠᠨ  ᠠᠴᠠ ᠨᠡᠶᠢᠬᠡᠮ  ᠤᠨ ᠬᠦᠭᠵᠢᠯᠳᠠ ᠬᠢᠬᠡᠳ ᠬᠦᠮᠦᠨ  ᠤ ᠠᠮᠢᠳᠤᠷᠠᠯ  ᠤᠨ ᠶᠠᠰᠤ ᠴᠢᠨᠠᠷ  ᠢ ᠳᠡᠭᠡᠭᠰᠢᠯᠡᠬᠦᠯᠬᠦ ᠯᠤᠬᠡ ᠨᠢᠭᠳᠠ ᠬᠤᠯᠪᠤᠭᠳᠠᠯ  ᠲᠠᠢ ᠃ ᠰᠠᠭᠤᠷᠢ ᠬᠢᠮᠢ  ᠶᠢᠨ ᠮᠡᠳᠡᠯᠬᠡ  ᠨᠢ ᠪᠢᠳᠡᠨ  ᠤ ᠬᠠᠪᠢ  ᠳᠠᠬᠢ ᠬᠠᠭᠤᠷᠮᠠᠭ ᠵᠦᠢᠯᠡᠰ  ᠢ ᠢᠯᠭᠠᠨ ᠳᠠᠨᠢᠬᠤ ᠂ ᠵᠠᠷᠢᠮ ᠲᠠᠸᠠᠷ  ᠨᠢ ᠬᠦᠮᠦᠨ  ᠤ ᠪᠡᠶ᠎ᠡ  ᠶᠢᠨ ᠡᠷᠡᠬᠦᠯ ᠴᠢᠬᠢᠷᠠᠭ  ᠢ ᠨᠦᠯᠦᠬᠡᠯᠡᠬᠦ ᠪᠠ ᠤᠷᠴᠢᠨᠰᠠᠭ ᠪᠠᠶᠢᠬᠤ ᠡᠰᠡᠬᠦ ᠵᠡᠷᠬᠡ  ᠶᠢ ᠮᠠᠭᠠᠳᠯᠠᠬᠤ  ᠳᠤ ᠴᠢᠬᠤᠯᠠ ᠬᠡᠷᠡᠭᠴᠡᠬᠡ  ᠲᠠᠢ ᠶᠤᠮ ᠃ ᠡᠶᠢᠮᠦ  ᠠᠴᠠ ᠬᠦᠮᠦᠨ ᠪᠤᠯᠭᠠᠨ ᠬᠢᠮᠢ  ᠶᠢᠨ ᠳᠤᠬᠠᠢ ᠦᠪᠡᠷ  ᠤᠨ ᠦᠵᠡᠯ ᠤᠬᠠᠮᠰᠠᠷ ᠪᠠ ᠦᠨᠳᠦᠰᠦᠨ ᠴᠢᠳᠠᠪᠤᠷᠢ  ᠪᠠᠨ ᠳᠡᠭᠡᠭᠰᠢᠯᠡᠬᠦᠯᠬᠦ  ᠨᠢ ᠡᠩ  ᠤᠨ ᠱᠠᠭᠠᠷᠳᠠᠯᠭ᠎ᠠ ᠪᠤᠯᠤᠭᠰᠠᠨ ᠪᠠᠶᠢᠨ᠎ᠠ ᠃

ᠳᠤᠷᠰᠢᠯᠳᠠ ᠪᠤᠯ ᠬᠢᠮᠢ ᠰᠤᠷᠬᠤ ᠂ ᠬᠢᠮᠢ  ᠶᠢ ᠪᠡᠶᠡᠴᠢᠯᠡᠨ ᠦᠢᠯᠠᠭᠠᠬᠤ ᠪᠠ ᠬᠢᠮᠢ  ᠶᠢᠨ ᠶᠠᠪᠤᠴᠠ  ᠶᠢ ᠰᠦᠪᠡᠭᠴᠢᠯᠡᠬᠦ ᠴᠢᠬᠤᠯᠠ ᠠᠷᠭ᠎ᠠ ᠵᠠᠮ ᠪᠤᠯᠤᠨ᠎ᠠ ᠃ ᠳᠤᠷᠰᠢᠯᠳᠠ  ᠪᠠᠷ ᠳᠠᠮᠵᠢᠨ ᠰᠤᠷᠤᠯᠴᠠᠯᠭ᠎ᠠ ᠪᠠ ᠦᠢᠯᠡᠳᠪᠦᠷᠢᠯᠡᠯ ᠂ ᠠᠮᠢᠳᠤᠷᠠᠯ  ᠳᠠᠬᠢ ᠤᠳᠬ᠎ᠠ ᠠᠭᠤᠯᠭ᠎ᠠ  ᠲᠠᠢ ᠬᠢᠮᠢ  ᠶᠢᠨ ᠠᠰᠠᠭᠤᠳᠠᠯ  ᠤᠳ  ᠢ ᠢᠯᠡᠷᠡᠬᠦᠯᠬᠦ ᠪᠦᠬᠡᠳ ᠰᠢᠢᠳᠪᠦᠷᠢᠯᠡᠳᠡᠭ  ᠶᠤᠮ ᠃

2017 ᠤᠨ  ᠤ 4 ᠳ᠋ᠣᠭᠡᠷ ᠰᠠᠷ᠎ᠠ  ᠶᠢᠨ 13  ᠤ ᠡᠳᠦᠷ ᠂ ᠮᠠᠨ  ᠤ ᠰᠤᠷᠭᠠᠭᠤᠯᠢ  ᠶᠢᠨ ᠬᠢᠮᠢ  ᠶᠢᠨ ᠬᠢᠴᠢᠶᠡᠯ ᠳᠦᠷᠦᠯ  ᠤᠨ ᠳᠤᠭᠤᠶᠢᠯᠠᠩ  ᠠᠴᠠ ︽ ᠭᠠᠶᠢᠬᠠᠮᠰᠢᠭᠳᠤ ᠬᠢᠮᠢ ᠂ ᠬᠡᠷᠡᠭᠴᠡᠬᠡᠳᠤ ᠬᠢᠮᠢ ︾ ᠬᠡᠬᠦ ᠬᠦᠳᠡᠯᠬᠡᠬᠡᠨ  ᠢ ᠵᠤᠬᠢᠶᠠᠨ ᠪᠠᠶᠢᠭᠤᠯᠵᠤ ᠦᠷᠨᠢᠬᠦᠯᠪᠡ ᠃ ᠳᠤᠰ ᠤᠳᠠᠭᠠᠨ  ᠤ ᠬᠦᠳᠡᠯᠬᠡᠬᠡᠨ  ᠳᠤ ᠬᠢᠮᠢ  ᠶᠢᠨ ᠶᠸᠯᠸᠢ ᠪᠤᠯᠤᠨ ᠬᠢᠮᠠᠯ ᠵᠢᠮᠢᠰ  ᠤᠨ ᠤᠮᠳᠠᠭᠠᠨ  ᠢ ᠬᠢᠬᠦ ᠳᠤᠷᠰᠢᠯᠳᠠ  ᠶᠢᠨ ᠦᠵᠡᠬᠦᠯᠬᠡ  ᠪᠠᠷ ᠳᠠᠮᠵᠢᠨ ᠰᠤᠷᠤᠭᠴᠢᠳ ᠲᠣ ᠬᠢᠮᠢ  ᠶᠢᠨ ᠭᠠᠶᠢᠬᠠᠮᠰᠢᠭ  ᠢ ᠰᠤᠨᠢᠷᠬᠠᠭᠤᠯᠵᠤ ᠂ ᠬᠢᠮᠢ  ᠶᠢᠨ ᠬᠡᠷᠡᠭᠴᠡᠬᠡ  ᠶᠢ ᠮᠡᠳᠡᠬᠦᠯᠦᠨ ᠂ ᠬᠢᠮᠢ  ᠶᠢᠨ ᠬᠠᠷᠠᠭᠠᠰᠤ  ᠶᠢ ᠦᠷᠬᠡᠳᠬᠡᠵᠤ ᠂ ᠬᠢᠮᠢ ᠰᠤᠷᠬᠤ ᠳᠤᠷ᠎ᠠ ᠰᠤᠨᠢᠷᠬᠠᠯ  ᠢ  ᠨᠢ ᠬᠦᠭᠵᠢᠭᠡᠵᠡᠢ ᠃

0

1

2

3

4

5

6

7

8

9

10

11

12

13

14

15

16

17

20