Menu

2016 ᠤᠷᠳᠤᠰ ᠬᠤᠳᠠ ᠶᠢᠨ ᠰᠤᠷᠭᠠᠭᠤᠯᠢ ᠶᠢᠨ ᠬᠦᠷᠢᠶᠡᠨ ᠦ ᠬᠦᠯ ᠪᠦᠮᠪᠦᠭᠡᠨ ᠠᠩᠭᠢ ᠶᠢᠨ ᠰᠤᠳᠦᠨ ᠴᠠᠭ ᠦᠶ᠎ᠡ ᠵᠢᠪᠬᠤᠭᠠᠳᠤ ᠡᠷᠡᠨ ᠦ ᠬᠦᠬᠢᠭᠦᠯᠦᠯ ᠦᠨ ᠬᠤᠷᠠᠯ

2016-03-11 / admin

(ᠤᠩᠰᠢᠭᠰᠠᠨ ᠤᠳᠠᠭ᠎ᠠ: 378 ᠤᠳᠠᠭ᠎ᠠ)

 

2016 ᠤᠨ ᠤ ᠤᠷᠳᠤᠰ ᠬᠤᠳᠠ ᠶᠢᠨ ᠰᠤᠷᠭᠠᠭᠤᠯᠢ ᠶᠢᠨ ᠬᠦᠷᠢᠶᠡᠨ ᠦ ᠭᠦᠯ ᠪᠦᠮᠪᠦᠬᠡᠨ ᠠᠩᠭᠢ ᠵᠢᠪᠬᠤᠭᠠᠳᠤ ᠡᠷᠢᠨ ᠦ ᠭᠦᠬᠢᠭᠦᠯᠬᠦ ᠬᠤᠷᠠᠯ ᠡᠵᠡᠨ ᠬᠤᠷᠤᠭ᠎ᠠ ᠬᠤᠰᠢᠭᠤᠨ᠎ᠠ ᠶᠠᠪᠤᠭᠳᠠᠪᠠ

足球

2 ᠳ᠋ᠣᠭᠠᠷ ᠰᠠᠷ᠎ᠠ ᠶᠢᠨ 27 ᠳᠦ ᠂ 2016 ᠤᠨ ᠤ ᠤᠷᠳᠤᠰ ᠬᠤᠳᠠ ᠶᠢᠨ ᠰᠤᠷᠭᠠᠭᠤᠯᠢ ᠶᠢᠨ ᠬᠦᠷᠢᠶᠡᠨ ᠦ ᠭᠦᠯ ᠪᠦᠮᠪᠦᠬᠡᠨ ᠠᠩᠭᠢ ᠶᠢᠨ ᠵᠢᠪᠬᠤᠭᠠᠳᠣ ᠡᠷᠢᠨ ᠦ ᠭᠦᠬᠢᠭᠦᠯᠬᠦ ᠬᠤᠷᠠᠯ ᠡᠵᠡᠨ ᠬᠤᠷᠤᠭ᠎ᠠ ᠬᠤᠰᠢᠭᠤᠨ᠎ᠠ ᠶᠠᠪᠤᠭᠳᠠᠪᠠ ᠃ ᠲᠤᠰ ᠤᠳᠠᠭᠠᠨ ᠤ ᠬᠤᠷᠠᠯᠳᠣᠭᠠᠨ ᠳ᠋ᠥ ᠬᠤᠰᠢᠭᠤ ᠱᠠᠳᠣᠨ ᠤ ᠣᠳᠣᠷᠢᠳᠣᠯᠭ᠎ᠠ ᠂ ᠲᠠᠮᠢᠷ ᠤᠷᠠᠯᠢᠭ ᠤᠨ ᠠᠯᠪᠠᠨ ᠭᠡᠷ ᠦᠨ ᠡᠷᠬᠢᠯᠡᠭᠴᠢ ᠂ ᠬᠤᠳᠠ ᠶᠢᠨ ᠳᠡᠰ ᠦᠨ ᠬᠦᠯ ᠪᠦᠮᠪᠦᠬᠡᠨ ᠦ ᠤᠨᠴᠠᠯᠢᠭ ᠪᠦᠬᠦᠢ ᠲᠤᠮᠳᠠᠳᠤ ᠪᠠᠭ᠎ᠠ ᠰᠣᠷᠭᠠᠭᠤᠯᠢ ᠵᠢᠴᠢ ᠬᠡᠦᠬᠡᠳ ᠦᠨ ᠴᠡᠴᠡᠷᠯᠢᠭ ᠦᠨ ᠵᠠᠬᠢᠷᠤᠯ ᠂ ᠬᠦᠯ ᠪᠦᠮᠪᠦᠬᠡᠨ ᠦ ᠰᠣᠷᠭᠠᠭᠴᠢ ᠶᠢᠨ ᠪᠤᠯᠪᠠᠰᠣᠷᠠᠯ ᠤᠨ ᠠᠩᠭᠢ ᠶᠢᠨ ᠪᠦᠬᠦ ᠬᠡᠰᠢᠭᠦᠳ ᠂ ᠡᠪᠦᠯ ᠦᠨ ᠪᠤᠯᠪᠠᠰᠣᠷᠠᠯ  ᠦᠨ ᠠᠩᠭᠢ ᠶᠢᠨ ᠰᠣᠷᠣᠭᠴᠢᠳ ᠵᠢᠴᠢ ᠬᠦᠯ ᠪᠦᠮᠪᠦᠬᠡᠨ ᠳ᠋ᠥ ᠪᠠᠬᠠᠳᠠᠢ ᠬᠦᠮᠦᠰ ᠬᠠᠮᠳᠣ  ᠪᠡᠷ ᠢᠶᠡᠨ ᠤᠷᠤᠯᠴᠠᠭᠰᠠᠨ ᠪᠠᠶᠢᠨ᠎ᠠ ᠃
ᠲᠤᠰ ᠤᠳᠠᠭᠠᠨ ᠤ ᠬᠤᠷᠠᠯ ᠳᠡᠬᠡᠷ᠎ᠡ ᠂ ᠳ᠋ᠦᠩᠱᠸᠩ ᠲᠤᠭᠤᠷᠢᠭ ᠂ ᠳᠠᠯᠠᠳ ᠬᠤᠰᠢᠭᠤ ᠂ ᠵᠦᠩᠭᠠᠷ ᠬᠤᠰᠢᠭᠤ ᠂ ᠡᠵᠡᠨ ᠬᠤᠷᠤᠭ᠎ᠠ ᠬᠤᠰᠢᠭᠤ ᠂ ᠦᠦᠰᠢᠨ ᠬᠤᠰᠢᠭᠤ ᠂ ᠬᠠᠩᠭᠢᠨ ᠬᠤᠰᠢᠭᠤ ᠂ ᠤᠳᠤᠭ ᠬᠤᠰᠢᠭᠤ ᠂ ᠤᠳᠤᠭ ᠤᠨ ᠡᠮᠦᠨᠡᠳᠦ ᠬᠤᠰᠢᠭᠤ ᠂ ᠬᠢᠶ᠎ᠠ ᠪᠠᠭᠰᠢ ᠶᠢᠨ ᠲᠤᠭᠤᠷᠢᠭ ᠵᠡᠷᠬᠡ ᠭᠠᠵᠠᠷ ᠤᠷᠤᠨ ᠤ ᠬᠦᠯ ᠪᠦᠮᠪᠦᠬᠡᠨ ᠦ ᠠᠩᠭᠢ ᠶᠢᠨ ᠺᠯᠦᠪ ᠵᠢᠴᠢ ᠤᠷᠳᠤᠰ ᠬᠤᠳᠠ ᠶᠢᠨ ᠮᠤᠩᠭᠤᠯ ᠲᠤᠮᠳᠠᠳᠣ ᠰᠣᠷᠭᠠᠭᠤᠯᠢ ᠶᠢᠨ ᠬᠦᠯ ᠪᠦᠮᠪᠦᠬᠡᠨ ᠦ ᠺᠯᠦᠪ ᠢ ᠪᠦᠬᠦ ᠬᠤᠳᠠ ᠶᠢᠨ ᠠᠩᠬᠠᠳᠠᠭᠴᠢ ᠪᠦᠯᠦᠭ ᠦᠨ ᠰᠤᠷᠭᠠᠭᠤᠯᠢ ᠶᠢᠨ ᠬᠦᠷᠢᠶᠡᠨ ᠦ ᠭᠦᠯ ᠪᠦᠮᠪᠦᠭᠡ ᠶᠢᠨ ᠺᠯᠦᠪ ᠪᠤᠯᠭᠠᠭᠰᠠᠨ ᠪᠠᠶᠢᠨ᠎ᠠ ᠃
ᠬᠤᠷᠠᠯ ᠳᠡᠭᠡᠷ᠎ᠡ ᠪᠠᠰᠠ ᠰᠤᠷᠭᠠᠭᠤᠯᠢ ᠶᠢᠨ ᠬᠦᠷᠢᠶᠡᠨ ᠦ ᠭᠦᠯ ᠪᠦᠮᠪᠦᠭᠡ ᠶᠢᠨ ᠭᠦᠳᠡᠯᠭᠡᠭᠡᠨ ᠢ ᠢᠳᠡᠪᠬᠢᠳᠠᠢ ᠶᠠᠪᠤᠭᠳᠠᠭᠤᠯᠤᠭᠰᠠᠨ ᠲᠡᠷᠢᠭᠦᠨ ᠦ ᠴᠡᠴᠡᠷᠯᠢᠭ ᠂ ᠲᠡᠷᠢᠭᠦᠨ ᠦ ᠬᠤᠰᠢᠭᠤ ᠂ ᠲᠡᠷᠢᠭᠦᠨ ᠦ ᠬᠤᠪᠢ ᠬᠦᠮᠦᠨ ᠂ ᠲᠡᠷᠢᠭᠦᠨ ᠦ ᠰᠤᠷᠭᠠᠭᠴᠢ ᠂ ᠬᠢᠨᠠᠭᠴᠢ  ᠨᠠᠷ ᠢ ᠱᠠᠩᠨᠠᠨ ᠭᠦᠬᠢᠭᠦᠯᠦᠭᠰᠡᠨ ᠪᠠᠶᠢᠨ᠎ᠠ ᠃ ᠮᠠᠨ ᠤ ᠰᠤᠷᠭᠠᠭᠤᠯᠢ  ᠶᠢᠨ ᠳᠡᠳ᠋ ᠵᠠᠬᠢᠷᠤᠯ ᠰᠤᠶᠤᠯᠳᠤ ᠪᠠᠭᠰᠢ ᠲᠤᠰ ᠣᠳᠠᠭᠠᠨ ᠤ ᠬᠤᠷᠠᠯ ᠳ᠋ᠥ ᠲᠡᠷᠢᠬᠦᠨ ᠦ ᠬᠤᠪᠢ ᠬᠦᠮᠦᠨ  ᠢᠶᠠᠷ ᠂ᠡᠤ ᠵᠢᠶᠦ᠋ᠨ ᠪᠠᠭᠰᠢ ᠲᠡᠷᠢᠭᠦᠨ ᠦ ᠰᠤᠷᠭᠠᠭᠴᠢ ᠪᠡᠷ᠎ ᠱᠠᠩᠨᠠᠭᠳᠠᠭᠨᠰᠠᠨ ᠪᠠᠶᠢᠨ᠎ᠠ ᠃
ᠲᠤᠰ ᠤᠳᠠᠭᠠᠨ ᠤ ᠬᠦᠳᠡᠯᠭᠡᠭᠡᠨ  ᠨᠢ ᠠᠭᠤᠯᠭ᠎ᠠ  ᠪᠡᠷ ᠪᠠᠶᠠᠯᠢᠭ ᠂ ᠬᠦᠷᠢᠶ᠎ᠡ ᠬᠡᠪᠴᠢᠶ᠎ᠡ  ᠪᠡᠷ ᠦᠷᠬᠡᠨ ᠳᠡᠯᠬᠡᠷ ᠪᠠᠶᠢᠵᠦ ᠂ ᠤᠯᠠᠨ ᠲᠠᠶᠠᠭᠠᠷ ᠦᠨ ᠬᠦᠷᠢᠶᠡᠯᠡᠯ ᠢ ᠤᠯᠵᠦ ᠂ ᠨᠡᠶᠢᠬᠡᠮ ᠨᠡᠶᠢᠳᠡᠮ  ᠪᠡᠷ ᠢᠶᠡᠨ ᠰᠤᠷᠭᠠᠭᠤᠯᠢ ᠶᠢᠨ ᠬᠦᠷᠢᠶᠡᠨ ᠦ ᠭᠦᠯ ᠪᠦᠮᠪᠦᠬᠡᠨ ᠦ ᠬᠦᠳᠡᠯᠬᠡᠬᠡᠨ ᠳ᠋ᠥ ᠠᠩᠬᠠᠷᠤᠯ ᠢᠶᠠᠨ ᠲᠠᠯᠪᠢᠵᠦ ᠂ ᠬᠤᠶᠢᠰᠢᠳᠠ ᠶᠢᠨ ᠭᠦᠭᠵᠢᠯᠳᠡ ᠶᠢ ᠲᠦᠯᠬᠢᠨ ᠠᠬᠢᠭᠤᠯᠬᠤ ᠳ᠋ᠥ ᠶᠡᠬᠡᠬᠡᠨ ᠨᠦᠯᠦᠬᠡ ᠦᠵᠡᠬᠦᠯᠦᠭᠰᠡᠨ ᠪᠠᠶᠢᠨ᠎ᠠ ᠃