ᠤᠷᠳᠤᠰ ᠬᠤᠳᠠ ᠶᠢᠨ ᠮᠤᠩᠭᠤᠯ ᠦᠨᠳᠦᠰᠦᠳᠡᠨ ᠦ ᠲᠤᠮᠳᠠᠳᠤ ᠰᠤᠷᠭᠠᠭᠤᠯᠢ ᠶᠢᠨ ᠲᠦᠷᠪᠡᠳᠡᠬᠢ ᠤᠳᠠᠭᠠᠨ ᠤ︽ ᠦᠨᠳᠡᠭᠡᠨ ᠴᠠᠭᠠᠨ︾ ᠤᠷᠠᠨ ᠤᠩᠰᠢᠯᠭ᠎ᠠ ᠶᠢᠨ ᠤᠷᠤᠯᠳᠤᠭᠠᠨ
ᠤᠷᠳᠤᠰ ᠬᠤᠳᠠ ᠶᠢᠨ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ ᠶᠢᠨ ᠲᠦᠷᠪᠡᠳᠡᠬᠢ ᠤᠳᠠᠭᠠᠨ ᠤ 《 ᠦᠨᠳᠡᠭᠡᠨ ᠴᠠᠭᠠᠨ 》 ᠨᠡᠷᠡᠮᠵᠢᠳᠤ ᠤᠷᠠᠨ ᠤᠩᠰᠢᠯᠭ᠎ᠠ ᠶᠢᠨ ᠤᠷᠤᠯᠳᠤᠭᠠᠨ 2014 ᠤᠨ ᠤ 12 ᠰᠠᠷ᠎ᠠ ᠶᠢᠨ 13 ᠤ ᠡᠳᠦᠷ ᠰᠤᠷᠭᠠᠭᠤᠯᠢ ᠶᠢᠨ 《 ᠲᠤᠷᠭᠠᠨ ᠡᠭᠡᠰᠢᠭ 》 ᠠᠰᠠᠷ ᠲᠤ ᠦᠪᠡᠳᠡᠭᠰᠢ ᠶᠡᠭᠡ ᠪᠡᠷ ᠶᠠᠪᠤᠭᠳᠠᠪᠠ ᠃ ᠡᠬᠡ ᠬᠡᠯᠡ ᠪᠡᠷ ᠢᠶᠡᠨ ᠭᠠᠩᠭᠠᠷᠠᠭᠰᠠᠨ ᠰᠤᠷᠤᠭᠴᠢᠳ ᠮᠠᠨᠢ ᠦᠪᠡᠷ ᠦᠪᠡᠷ ᠤᠨ ᠦᠩᠬᠡ ᠪᠡᠷ ᠢᠶᠡᠨ ᠡᠭᠡᠰᠢᠭᠯᠡᠵᠤ ᠡᠷᠳᠡᠮ ᠤᠷ᠎ᠠ ᠪᠡᠨ ᠤᠯᠠᠨ ᠲᠠᠢ ᠪᠡᠨ ᠬᠤᠪᠢᠶᠠᠯᠴᠠᠵᠤ ᠡᠬᠡ ᠬᠡᠯᠡᠨ ᠤ ᠪᠡᠨ ᠲᠠᠩᠰᠤᠭ ᠠᠷᠢᠭᠤᠨ ᠢ ᠦᠨᠢᠷ ᠤᠯᠠᠨ ᠳᠤ ᠪᠡᠨ ᠭᠠᠢᠢᠬᠠᠭᠤᠯᠤᠯᠠ ᠃ ᠲᠤᠰ ᠤᠳᠠᠭᠠᠨ ᠤ ᠤᠷᠤᠯᠳᠤᠭᠠᠨ ᠨᠢ ᠰᠤᠷᠤᠭᠴᠢᠳ ᠤᠨ ᠰᠢᠯᠦᠭ ᠨᠡᠢᠢᠷᠠᠭᠤᠯᠤᠯ ᠤᠩᠰᠢᠵᠤ ᠤᠶᠠᠩᠭᠠᠯᠠᠬᠤ ᠲᠤᠷ᠎ᠠ ᠪᠠᠬ᠎ᠠ ᠵᠢ ᠨᠡᠮᠡᠭᠳᠡᠬᠦᠯᠦᠨ ᠂ ᠰᠤᠷᠤᠭᠴᠢᠳ ᠲᠤ ᠮᠤᠩᠭᠤᠯ ᠰᠤᠶᠤᠯ ᠂ ᠤᠷᠠᠨ ᠵᠤᠬᠢᠶᠠᠯ ᠢᠶᠠᠨ ᠲᠡᠭᠡᠳᠦᠯᠡᠵᠤ ᠶᠠᠪᠤᠬᠤ ᠡᠷᠴᠢ ᠵᠤᠷᠢᠭ ᠢ ᠬᠦᠪᠴᠢᠯᠡᠯ᠎ᠡ ᠃
ᠲᠤᠰ ᠤᠳᠠᠭᠠᠨ ᠤ ᠤᠷᠤᠯᠳᠤᠭᠠᠨ ᠳᠤ ᠳᠦᠨᠭᠱᠧᠨᠭ ᠲᠤᠭᠤᠷᠢᠭ ᠤᠨ ᠦᠨᠳᠦᠰᠦᠳᠡᠨ ᠦ ᠱᠠᠰᠢᠨ ᠰᠤᠷᠳᠠᠬᠤᠨ ᠂ ᠬᠡᠷᠡᠭ ᠡᠷᠬᠢᠯᠡᠬᠦ ᠵᠦᠪᠯᠡᠯ ᠤᠨ ᠱᠦᠵᠢ ᠬᠠᠰᠴᠢᠯᠠᠭᠤ ᠂ ᠬᠤᠳᠠ ᠶᠢᠨ ᠰᠤᠨᠢᠨ ᠬᠤᠷᠢᠶᠠᠨ ᠤ ᠲᠡᠳ᠋ ᠶᠡᠷᠦᠩᠬᠡᠢ ᠨᠠᠢᠢᠷᠠᠭᠤᠯᠤᠭᠴᠢ ᠮᠦᠩᠭᠡᠵᠢᠷᠭᠠᠯ ᠂ ᠬᠤᠳᠠ ᠶᠢᠨ ᠮᠤᠩᠭᠤᠯ ᠷᠠᠳᠢᠤ᠋ ᠬᠤᠷᠢᠶᠠᠨ ᠤ ᠨᠡᠪᠳᠡᠷᠡᠭᠦᠯᠦᠭᠴᠢ ᠂ ᠬᠦᠳᠦᠯᠦᠭᠴᠢ ᠬᠠᠪᠤᠷᠠ ᠂ ᠲᠸᠯᠸᠢᠰ ᠬᠤᠷᠢᠶᠠᠨ ᠤ 《 ᠲᠠᠨᠢᠯᠴᠠᠶ᠎ᠠ ᠲᠡᠯᠭᠡᠴᠡ 》 ᠤᠨ ᠲᠠᠭᠠᠮᠠᠯ ᠬᠦᠳᠦᠯᠦᠭᠴᠢ ᠬᠡᠰᠢᠭᠪᠦᠷᠢᠨ ᠂ ᠮᠤᠩᠭᠤᠯ ᠷᠠᠳᠢᠤ᠋ ᠨᠡᠪᠳᠡᠷᠡᠭᠦᠯᠦᠭᠴᠢ ᠂ ᠬᠦᠳᠦᠯᠦᠭᠴᠢ 《 ᠲᠠᠩᠰᠤᠭ ᠵᠤᠭᠤᠭ 》 ᠂ 《 ᠬᠠᠤᠯᠢ ᠴᠠᠭᠠᠵᠠ ᠶᠢᠨ ᠦᠢᠯᠡᠴᠢᠯᠡᠭᠡ 》 ᠂ 《 ᠭᠠᠷᠠᠭ ᠤᠨ ᠰᠡᠭᠦᠯᠴᠢ ᠶᠢᠨ ᠴᠡᠩᠭᠡᠬᠦᠨ 》 ᠤ ᠨᠠᠢᠢᠷᠠᠭᠤᠯᠤᠭᠴᠢ ᠂ ᠬᠦᠳᠦᠯᠦᠭᠴᠢ ᠲᠠᠪᠰᠢᠩᠭᠠ ᠂ ᠤᠷᠳᠤᠰ ᠬᠤᠳᠠ ᠶᠢᠨ ᠮᠤᠩᠭᠤᠯ ᠦᠨᠳᠤᠰᠦᠳᠡᠨ ᠤ ᠲᠤᠮᠳᠠᠳᠤ ᠰᠤᠷᠭᠠᠭᠤᠯᠢ ᠶᠢᠨ ᠲᠡᠳ᠋ ᠵᠠᠬᠢᠷᠤᠯ ᠤᠶᠤᠨ᠎ᠠ ᠂ ᠤᠷᠤᠨ ᠤ ᠲᠡᠰ ᠤᠨ ᠪᠠᠷᠢᠮᠵᠢᠶ᠎ᠠ ᠠᠪᠢᠶᠠᠨ ᠤ ᠰᠢᠯᠭᠠᠭᠴᠢ ᠮᠠᠨᠳᠤᠭᠡᠷᠡᠯ ᠵᠡᠷᠭᠡ ᠡᠷᠬᠢᠮ ᠬᠦᠨᠳᠤᠳᠤ ᠬᠦᠮᠦᠰ ᠬᠢᠨᠠᠭᠴᠢ ᠪᠡᠷ ᠤᠷᠢᠭᠳᠠᠪᠠ ᠃
ᠲᠤᠰ ᠤᠷᠤᠯᠳᠤᠭᠠᠨ ᠨᠢ ᠪᠦᠬᠦ ᠰᠤᠷᠭᠠᠭᠤᠯᠢ ᠶᠢᠨ ᠬᠡᠪᠴᠢᠶ᠎ᠡ ᠲᠠᠢ ᠶᠠᠪᠤᠭᠳᠠᠵᠤ ᠲᠡᠭᠡᠳᠤ ᠲᠤᠮᠳᠠᠳᠤ ᠶᠢᠨ 200 ᠵᠢᠨ ᠬᠤᠷᠸ᠎ᠠ ᠂197 ᠶᠢᠨ ᠬᠠᠩᠭᠠᠢ ᠲᠡᠷᠢᠬᠦᠨ ᠪᠡᠶᠢᠷᠢᠨ ᠳᠦ ᠂198 ᠵᠢᠨ ᠨᠡᠶᠢᠷ ᠂192 ᠶᠢᠨ ᠰᠤᠷᠤᠨ᠎ᠠ ᠂191 ᠵᠢᠨ ᠲᠦᠮᠡᠨᠬᠡᠰᠢᠭ ᠂202 ᠵᠢᠨ ᠠᠰᠬᠠᠨ ᠬᠤᠶᠠᠳᠤᠭᠠᠷ ᠪᠡᠶᠢᠷᠢᠨ ᠳᠤ ᠂192 ᠵᠢᠨ ᠠᠳᠠᠩᠭ᠎ᠠ ᠂192 ᠵᠢᠨ ᠲᠡᠷᠭᠡᠯ ᠂ 190 ᠶᠢᠨ ᠴᠡᠶᠢᠯᠭᠠᠨ ᠂ 202 ᠶᠢᠨ ᠤᠷᠠᠯᠢᠭ ᠂199 ᠶᠢᠨ ᠨᠠᠬᠢᠶ᠎ᠠ ᠂199 ᠶᠢᠨ ᠲᠡᠯᠪᠢ ᠭᠤᠷᠪᠠᠳᠤᠭᠠᠷ ᠪᠡᠶᠢᠷᠢᠨ ᠳᠤ ᠲᠤᠳᠤᠷᠠᠯ᠎ᠠ ᠃ ᠠᠩᠬ᠎ᠠ ᠲᠤᠮᠳᠠᠳᠤ ᠶᠢᠨ 90 ᠵᠢᠨ ᠦᠯᠡᠮᠵᠢ ᠲᠡᠷᠢᠬᠦᠨ ᠪᠡᠶᠢᠷᠢᠨᠳ᠋ᠤ ᠂ 89 ᠶᠢᠨ ᠰᠤᠨᠤᠷ ᠂ 90 ᠶᠢᠨ ᠲᠠᠨ᠎ᠠ ᠂ 89 ᠶᠢᠨ ᠨᠠᠮᠤᠭᠤᠬᠠᠨ ᠬᠤᠶᠠᠳᠤᠭᠠᠷ ᠪᠠᠶᠢᠷᠢᠨ ᠳᠤ ᠂ 94 ᠶᠢᠨ ᠪᠤᠳᠠᠴᠠᠭᠠᠨ ᠂ 94 ᠶᠢᠨ ᠭᠤᠶᠤᠬᠠᠨ ᠂ 93 ᠶᠢᠨ ᠵᠤᠯᠠ ᠨᠠᠷ ᠭᠤᠷᠪᠠᠳᠤᠭᠠᠷ ᠪᠡᠶᠢᠷᠢᠨ ᠳᠦ ᠲᠤᠳᠤᠷᠠᠨ ᠤᠯᠠᠨ ᠤ ᠲᠤᠮᠳᠠ ᠡᠴᠡ ᠴᠤᠯᠭᠤᠷᠠᠵᠠᠭᠠᠯᠠ ᠃