Menu

ᠳᠡᠭᠡᠳᠦ ᠬᠤᠶᠠᠷ ᠤᠨ ᠠᠩᠭ᠍ᠯᠢ ᠬᠡᠯᠡᠨ ᠦ ᠵᠦ᠍ᠴᠦᠭᠡ ᠶᠢᠨ ᠣᠷᠣᠯᠳᠣᠭᠠᠨ

2014-12-22 / ᠪᠠᠭᠠᠨ᠎ᠠ

(ᠤᠩᠰᠢᠭᠰᠠᠨ ᠤᠳᠠᠭ᠎ᠠ: 379 ᠤᠳᠠᠭ᠎ᠠ)

 

2014 ᠣᠨ ᠤ 12 ᠰᠠᠷ᠎ᠠ ᠶᠢᠨ 10  ᠤᠨ ᠡᠳᠦᠷ ᠦᠨ ᠦᠳᠡ ᠶᠢᠨ ᠬᠤᠶᠢᠨᠠᠬᠢ 18 ᠴᠠᠭ ᠲᠣ ᠂ ᠳᠡᠭᠡᠳᠦ ᠬᠤᠶᠠᠷ ᠤᠨ ᠠᠩᠭ᠍ᠯᠢ ᠬᠡᠯᠡᠨ ᠤ ᠵᠦ᠍ᠴᠦᠭᠡ ᠶᠢᠨ ᠣᠷᠣᠯᠳᠣᠭᠠᠨ ᠣᠷᠠᠯᠢᠭ ᠤᠨ ᠠᠰᠠᠷ ᠤᠨ ᠲᠤᠭᠯᠠᠯᠲᠠ ᠶᠢᠨ ᠲᠢᠩᠬᠢᠮ ᠳ᠋ᠥ ᠦᠪᠡᠳᠡᠭᠰᠢ ᠶᠠᠬᠡ ᠪᠠᠷ ᠶᠠᠪᠤᠭᠳᠠᠪᠠ ᠃

ᠲᠣᠰ ᠣᠳᠠᠭᠠᠨ ᠤ ᠣᠷᠣᠯᠳᠣᠭᠠᠨ  ᠨᠢ ᠰᠣᠷᠣᠭᠴᠢᠳ ᠤᠨ  ᠠᠩᠭ᠍ᠯᠢ ᠬᠡᠯᠡ ᠰᠣᠷᠣᠯᠴᠠᠬᠤ ᠢᠳᠡᠪᠬᠢᠵᠢᠯ ᠢ ᠳᠠᠶᠢᠴᠢᠯᠠᠨ ᠂ ᠤᠷᠮ᠎ᠠ ᠶᠢ ᠬᠦ᠍ᠭᠵᠢᠭᠡᠨ ᠂  ᠠᠩᠭ᠍ᠯᠢ ᠬᠡᠯᠡᠨ ᠦ ᠶᠠᠷᠢᠵᠤ ᠢᠯᠡᠳᠬᠡᠬᠦ ᠴᠢᠳᠠᠮᠵᠢ ᠶᠢ ᠳᠡᠭᠡᠭᠰᠢᠯᠡᠭᠦᠯᠭᠦ ᠶᠢ ᠵᠤᠷᠢᠭᠰᠠᠨ ᠪᠠᠶᠢᠨ᠎ᠠ ᠃
ᠰᠣᠷᠣᠭᠴᠢᠳ ᠤᠨ ᠣᠷᠣᠯᠳᠣᠭᠠᠨ ᠳᠤ ᠣᠷᠣᠯᠴᠠᠭᠰᠠᠨ ᠢᠳᠡᠪᠬᠢᠵᠢᠯ ᠂ ᠵᠦᠴᠦᠭᠡ ᠶᠢᠨ ᠠᠭᠤᠯᠭ᠎ᠠ ᠶᠢᠨ ᠲᠤᠬᠠᠢ ᠰᠢᠨᠡᠴᠢᠯᠡᠯ ᠂ ᠰᠢᠨ᠎ᠡ ᠰᠡᠪᠡᠭᠦᠨ ᠮᠠᠶ᠋ᠢᠭ ᠤᠨ ᠲᠤᠭᠯᠠᠯᠲᠠ ᠶᠢᠨ ᠬᠡᠯᠪᠡᠷᠢ  ᠨᠢ ᠦᠵᠡᠭᠴᠢᠳ ᠦᠨ ᠬᠠᠯᠠᠭᠤᠨ ᠬᠦᠷᠢᠶᠡᠯᠡᠯ ᠢ ᠤᠯᠤᠭᠰᠠᠨ ᠪᠠᠶᠢᠨ᠎ᠠ ᠃