Menu

ᠠᠩᠬ᠎ᠠ ᠳᠤᠮᠳᠠᠳᠤ ᠶᠢᠨ ᠬᠠᠮᠳᠤ ᠶᠢᠨ ᠳᠠᠭᠤᠨ ᠤ ᠤᠷᠤᠯᠳᠤᠭᠠᠨ

2014-12-23 / ᠬᠠᠰᠭᠤᠸ᠎ᠠ

(ᠤᠩᠰᠢᠭᠰᠠᠨ ᠤᠳᠠᠭ᠎ᠠ: 2,760 ᠤᠳᠠᠭ᠎ᠠ)

    ︿ ᠮᠥᠩᠬᠡ ᠲᠡᠭᠷᠢ ᠶᠢᠨ ᠳᠤᠤᠷ᠎ᠠ ᠪᠠᠶᠢᠭ᠎ᠠ ᠮᠢᠨᠤ ᠮᠤᠩᠭᠤᠯ ᠮᠠᠨᠳᠤᠵᠤ ᠂ ᠮᠤᠩᠭᠤᠯ ᠤᠨ ᠰᠠᠶᠢᠬᠠᠨ ᠳᠠᠭᠤᠤ  ᠮᠢᠨᠢ ᠮᠥ᠍ᠩᠬᠡ ᠪᠤᠯᠤᠨ ᠬᠥᠭᠵᠢᠳᠦᠭᠡᠢ ﹀ᠭᠡᠳᠡᠭᠴᠢᠯᠡᠨ ᠮᠠᠨ ᠤ ᠠᠩᠬ᠎ᠠ ᠳᠤᠮᠳᠠᠳᠤ ᠶᠢᠨ ᠤᠨ ᠤ ᠳᠤᠭᠤᠶᠢᠯᠠᠩ ᠤᠨ  ᠬᠢᠨ ᠬᠡᠶᠢᠮᠤᠷᠢ ᠪᠤᠶᠠᠨ ᠳᠡᠯᠭᠡᠷᠡᠵᠤ ᠂ ᠬᠡᠰᠢᠭ ᠪᠤᠶᠠᠨ ᠬᠤᠷᠤᠶᠢᠯᠠᠭᠰᠠᠨ ᠬᠥᠬᠡ ᠮᠤᠷᠢᠨ ᠵᠢᠯ  ᠤᠨ 12 ᠰᠠᠷ᠎ᠠ  ᠶᠢᠨ 12  ᠳ᠋ᠥ ᠰᠤᠷᠤᠭᠴᠢᠳ ᠤᠨ ᠰᠤᠷᠤᠯᠭ᠎ᠠ ᠶᠢᠨ ᠠᠮᠢᠳᠤᠷᠠᠯ ᠢ ᠪᠠᠶᠠᠯᠢᠭᠵᠢᠭᠤᠯᠵᠤ ᠂ ᠠᠩᠭᠢ ᠨᠢᠭᠡᠴᠡ ᠶᠢᠨ ᠪᠥᠯᠬᠦᠮᠳᠡᠯ ᠢ ᠠᠬᠢᠭᠤᠯᠬᠤ ᠡᠭᠦᠳᠡᠨ ᠡᠴᠡ ᠨᠢᠭᠡ ᠤᠳᠠᠭᠠᠨ ᠤ ᠠᠩᠭᠢ ᠶᠢᠨ ᠳᠠᠭᠤᠨ ᠤ ᠤᠷᠤᠯᠳᠤᠭᠠᠨ ᠢ ᠵᠤᠬᠢᠶᠠᠨ ᠪᠠᠶᠢᠭᠤᠯᠵᠤ ᠶᠠᠪᠤᠭᠳᠠᠭᠤᠯᠤᠭᠰᠠᠨ ᠪᠠᠶᠢᠨ᠎ᠠ ᠃ ᠮᠠᠨ ᠤ ᠡᠨᠡ ᠤᠳᠠᠭᠠᠨ ᠤ ᠤᠷᠤᠯᠳᠤᠭᠠᠨ ᠳ᠋ᠥ ᠰᠤᠷᠭᠠᠭᠤᠯᠢ ᠶᠢᠨ ᠵᠠᠬᠢᠷᠤᠯ ᠂ ᠰᠤᠷᠭᠠᠭᠤᠯᠢ ᠶᠢᠨ ᠨᠠᠮ ᠤᠨ ᠡᠭᠦᠷ ᠦᠨ ᠱᠦᠵᠢ ᠵᠢᠴᠢ ᠳᠠᠭᠤᠤ ᠬᠥ᠍ᠭᠵᠢᠮ ᠦᠨ ᠮᠡᠷᠭᠡᠵᠢᠯ ᠦᠨ ᠪᠠᠭᠰᠢ  ᠨᠠᠷ  ᠂ ᠠᠩᠬ᠎ᠠ ᠳᠤᠮᠳᠠᠳᠤ ᠶᠢᠨ ᠬᠢᠴᠢᠶᠡᠯᠯᠡᠭᠴᠢ ᠪᠠᠭᠰᠢ ᠪᠥ᠍ᠭᠦᠳᠡᠭᠡᠷ ᠤᠷᠤᠯᠴᠠᠭᠰᠠᠨ ᠪᠠᠶᠢᠨ᠎ᠠ ᠃

 

  ᠰᠤᠷᠤᠭᠴᠢᠳ ᠠᠩᠭᠢ ᠨᠡᠶᠢᠲᠡ ᠶᠢᠨ ᠢᠶᠡᠨ ᠲᠥᠯᠦᠭᠡ ᠤᠯᠠᠨ ᠡᠳᠦᠷ ᠦᠨ ᠮᠡᠷᠡᠶᠢᠭᠰᠡᠨ ᠦᠷ᠎ᠡ ᠪᠥ᠍ᠲᠦᠮᠵᠢ ᠪᠡᠨ ᠳᠠᠶᠠᠭᠠᠷ ᠲᠣ  ᠪᠡᠨ ᠲᠤᠯᠢᠳᠠᠭᠤᠯᠬᠤ ᠪᠤᠯᠤᠭᠰᠠᠨ ᠳ᠋ᠥ  ᠪᠡᠨ ᠬᠥᠭᠰᠡᠨ ᠳᠤᠭᠳᠤᠯᠵᠤ ᠪᠠᠶᠢᠭ᠎ᠠ ᠰᠡᠳᠬᠢᠯᠭᠡ  ᠪᠡᠨ ᠳᠠᠷᠤᠵᠤ ᠶᠠᠳᠠᠨ ᠬᠥᠯᠢᠶᠡᠭᠰᠡᠭᠡᠷ ᠪᠠᠶᠢᠯ᠎ᠠ ᠃ ᠮᠠᠨ ᠤ ᠤᠷᠤᠯᠳᠤᠭᠠᠨ ᠤ ᠠᠯᠳᠠᠨ ᠬᠥᠰᠢᠭᠡ ᠶᠢ ᠲᠠᠲᠠᠬᠤ ᠳ᠋ᠥ ᠠᠩᠬ᠎ᠠ ᠳᠤᠮᠳᠠᠳᠤ ᠶᠢᠨ ᠪᠢᠴᠢᠬᠠᠨ ᠮᠤᠷᠢᠨ ᠬᠤᠭᠤᠷᠴᠢᠳ  ᠮᠠᠨᠢ ᠵᠢᠪᠬᠤᠭ᠎ᠠ ᠳᠡᠭᠦᠯᠳᠡᠷ ᠰᠠᠭᠤᠵᠠᠭᠠᠵᠤ ᠮᠤᠷᠢᠨ ᠬᠤᠭᠤᠷ ᠤᠨ ᠬᠥᠭᠵᠢᠶᠡᠨᠳᠤ ᠠᠶᠠᠯᠭᠤ  ᠪᠠᠷ ᠤᠷᠤᠯᠳᠤᠭᠴᠢᠳ ᠢᠶᠠᠨ  ᠤᠭᠲᠤᠯ᠎ᠠ ᠃ ᠢᠩᠭᠢᠭᠡᠳ ᠮᠠᠨ ᠤ ᠬᠠᠮᠳᠤ ᠶᠢᠨ ᠳᠠᠭᠤᠨ ᠤ ᠤᠷᠤᠯᠳᠤᠭᠠᠨ ᠰᠦᠷ ᠬᠥᠭᠵᠢᠶᠡᠨ  ᠲᠠᠢ  ᠪᠡᠷ ᠡᠬᠢᠯᠡᠵᠤ ᠬᠠᠮᠤᠭ ᠤᠨ ᠳᠦᠷᠦᠭᠦᠨ ᠳ᠋ᠥ ᠠᠩᠬ᠎ᠠ ᠨᠢᠭᠡ ᠶᠢᠨ94 ᠳ᠋ᠤᠭᠡᠷ ᠪᠥᠯᠦᠭ  ᠮᠠᠨᠢ ︿ ᠡᠬᠡ ᠤᠷᠤᠨ ﹀ ᠳᠠᠭᠤᠤ  ᠪᠠᠷ ᠢᠶᠠᠨ ᠤᠯᠠᠨ ᠤ ᠰᠤᠨᠤᠷ ᠢ ᠮᠢᠯᠢᠶᠠᠭᠰᠠᠨ ᠪᠠᠶᠢᠨ᠎ᠠ ᠃ ᠵᠠᠯᠭᠠᠭᠠᠳ ᠡᠯ᠎ᠡ ᠠᠩᠭᠢ ᠶᠢᠨ  ᠬᠢᠨ ᠴᠦᠮ ᠥᠪᠡᠷ ᠥᠪᠡᠷ ᠦᠨ ᠢᠶᠡᠨ ᠪᠡᠯᠡᠳᠬᠡᠭᠰᠡᠨ ᠳᠠᠭᠤᠤ  ᠪᠠᠨ ᠤᠯᠠᠨ ᠳ᠋ᠥ  ᠰᠤᠨᠢᠷᠬᠠᠭᠤᠯᠤᠭᠰᠠᠨ ᠪᠠᠶᠢᠨ᠎ᠠ ᠃  ᠤᠷᠤᠯᠳᠤᠭᠠᠨ ᠤ ᠡᠴᠦᠰ ᠲᠣ ᠱᠠᠩᠨᠠᠯ ᠤᠯᠭᠤᠬᠤ ᠶᠤᠰᠤᠯᠠᠯ ᠶᠠᠪᠤᠭᠳᠠᠵᠤ ᠂ ᠥᠪᠡᠷ ᠦᠨ ᠪᠥᠲᠦᠭᠡᠯ ︿ ᠨᠠᠨᠳᠢᠨ ᠦᠶᠡᠷᠬᠡᠯ ﹀ ᠳᠠᠭᠤᠤ  ᠪᠠᠷ ᠢᠶᠠᠨ ᠤᠷᠤᠯᠴᠠᠭᠰᠠᠨ89 ᠳ᠋ᠤᠭᠡᠷ ᠪᠥᠯᠦᠭ ᠲᠡᠷᠢᠭᠦᠯᠡᠵᠤ ᠂ 93 ᠳ᠋ᠤᠭᠠᠷ ᠪᠥᠯᠦᠭ ︿ ᠳᠤᠯᠢᠨ ᠬᠤᠯᠠ ﹀ ᠳᠠᠭᠤᠤ  ᠪᠠᠷ ᠢᠶᠠᠨ ᠬᠤᠶᠠᠳᠤᠭᠠᠷ ᠲᠡᠰ ᠲᠣ ᠤᠷᠤᠵᠤ ᠂90 ᠳ᠋ᠤᠭᠡᠷ ᠪᠥᠯᠦᠭ ︿ ᠨᠠᠶᠢᠵᠠ  ᠮᠢᠨᠢ ﹀ ᠳᠠᠭᠤᠤ  ᠪᠡᠷ  ᠢᠶᠠᠨ ᠭᠤᠷᠪᠠᠳᠤᠭᠠᠷ ᠨᠡᠷᠡᠰ ᠲᠣ ᠤᠷᠤᠭᠰᠠᠨ ᠪᠠᠶᠢᠨ᠎ᠠ ᠃ ᠡᠨᠡ ᠤᠳᠠᠭᠠᠨ ᠤ ᠬᠠᠮᠳᠤ ᠶᠢᠨ ᠳᠠᠭᠤᠨ ᠤ ᠤᠷᠤᠯᠳᠤᠭᠠᠨ  ᠮᠠᠨᠢ ᠲᠡᠭᠦᠰ ᠠᠮᠵᠢᠯᠲᠠ  ᠲᠠᠢ ᠶᠠᠪᠤᠭᠳᠠᠵᠤ ᠂ ᠪᠠᠭᠰᠢ ᠰᠤᠷᠤᠭᠴᠢᠳ ᠤᠨ ᠲᠠᠭᠠᠰᠢᠶᠠᠯ ᠢ ᠤᠯᠵᠤ ᠴᠢᠳᠠᠭᠰᠠᠨ ᠢᠶᠠᠷ ᠪᠠᠷᠠᠬᠤ ᠦᠭᠡᠢ ᠡᠯ᠎ᠡ ᠠᠩᠭᠢ ᠶᠢᠨ ᠪᠥᠯᠬᠦᠮᠳᠠᠯ ᠢ ᠰᠠᠶᠢᠵᠢᠷᠠᠭᠤᠯᠵᠤ ᠂ ᠰᠤᠷᠤᠭᠴᠢᠳ ᠤᠨ ᠬᠠᠮᠳᠤ ᠨᠡᠶᠢᠲᠡᠴᠢ ᠦᠵᠡᠯ ᠢ ᠳᠡᠭᠡᠭᠰᠢᠯᠡᠭᠦᠯᠵᠤ ᠴᠢᠳᠠᠭᠰᠠᠨ ᠶᠤᠮ ᠃