Menu

ᠪᠠᠭᠰᠢ ᠠᠵᠢᠯᠳᠠᠨ ᠤ ᠲᠠᠮᠢᠷ ᠤᠨ ᠤᠷᠤᠯᠳᠤᠭᠠᠨ ᠤ ᠮᠡᠳᠡᠭᠡ

2014-12-11 / ᠰᠡᠴᠡᠨ

(ᠤᠩᠰᠢᠭᠰᠠᠨ ᠤᠳᠠᠭ᠎ᠠ: 2,368 ᠤᠳᠠᠭ᠎ᠠ)

ᠪᠠᠭᠰᠢ ᠠᠵᠢᠯᠳᠠᠨ ᠤ ᠲᠠᠮᠢᠷ ᠤᠨ ᠤᠷᠤᠯᠳᠤᠭᠠᠨ ᠤ ᠮᠡᠳᠡᠭᠡ

ᠪᠠᠭᠰᠢ ᠠᠵᠢᠯᠳᠠᠨ ᠤ ᠪᠡᠶ᠎ᠡ  ᠮᠠᠬᠠᠪᠤᠳ ᠤᠨ ᠡᠷᠡᠭᠦᠯ ᠴᠢᠬᠢᠷᠠᠭ ᠣᠨ ᠲᠦᠯᠦᠭᠡ ᠂ ᠬᠠᠷᠢᠯᠴᠠᠨ ᠤᠢᠢᠯᠠᠭᠠᠯᠴᠠᠨ ᠨᠦ᠋ᠬᠦᠷᠯᠡᠯ ᠬᠠᠪᠰᠤᠷᠤᠯᠴᠠᠭ᠎ᠠ ᠪᠠᠨ ᠴᠢᠩᠭᠠᠳᠬᠠᠬᠤ ᠶᠢᠨ ᠲᠦᠯᠦᠭᠡ ᠂ ᠰᠠᠯᠠᠭ᠎ᠠ  ᠳᠤ ᠪᠠᠨ ᠦᠩᠭᠡ ᠭᠡᠷᠡᠯ ᠨᠡᠮᠡᠷᠢᠯᠡᠬᠦ ᠤᠬᠠᠮᠰᠠᠷ ᠪᠠ ᠰᠠᠨᠠᠭ᠎ᠠ ᠰᠡᠳᠬᠢᠯ ᠨᠢᠭᠡᠳᠴᠦ ᠬᠠᠮᠳᠤ ᠶᠢᠨ ᠦᠢᠯᠡᠰ ᠢᠶᠠᠨ ᠴᠤᠭᠴᠠᠯᠠᠬᠤ ᠶᠢᠨ ᠲᠦᠯᠦᠭᠡ ᠂ ᠪᠠᠭᠰᠢ ᠰᠤᠷᠤᠭᠴᠢᠳ  ᠣᠨ ᠡᠷᠬᠡ ᠲᠡᠭᠰᠢ ᠪᠠᠷ ᠬᠠᠷᠢᠴᠠᠬᠤ ᠰᠢᠨ᠎ᠡ ᠮᠠᠶ᠋ᠢᠭ ᠣᠨ ᠬᠠᠷᠢᠴᠠᠭ᠎ᠠ  ᠶᠢ ᠪᠠᠳᠤᠳᠬᠠᠬᠤ ᠪᠠ ᠰᠤᠷᠤᠭᠴᠢᠳ ᠲᠤ ᠨᠡᠢᠢᠭᠡᠮ ᠣᠨ ᠦᠢᠯᠡᠳᠦᠯᠭᠡ ᠳᠤ ᠤᠷᠤᠯᠴᠠᠬᠤ ᠵᠠᠪᠰᠢᠶᠠᠨ ᠂ ᠪᠠᠭᠰᠢ ᠨᠠᠷ ᠣᠨ ᠢᠶᠠᠨ ᠲᠦᠯᠦᠭᠡ ᠤᠤᠬᠠᠢᠢᠯᠠᠬᠤ ᠲᠤᠬᠢᠶᠠᠯ ᠂ ᠢᠯᠠᠩᠭᠤᠶ᠎ᠠ ᠰᠤᠷᠤᠭᠴᠢᠳ ᠣᠨ ᠪᠠᠭᠰᠢ ᠨᠠᠷ ᠢᠶᠠᠨ ᠬᠢᠨᠠᠵᠤ ᠵᠢᠯᠤᠭᠤᠳᠬᠤ ᠳᠤ ᠨᠦ᠋ᠬᠦᠴᠡᠯ ᠪᠦᠷᠢᠯᠳᠦᠭᠦᠯᠬᠦ  ᠶᠢᠨ ᠲᠦᠯᠦᠭᠡ ᠠᠵᠢᠯᠴᠢᠨ ᠤ ᠡᠪᠯᠡᠯ ᠡᠴᠡ ᠵᠤᠬᠢᠶᠠᠨ ᠪᠠᠶᠢᠭᠤᠯᠤᠭᠰᠠᠨ ᠤᠷᠳᠤᠰ ᠬᠤᠳᠠ ᠶᠢᠨ ᠮᠤᠩᠭᠤᠯ ᠦᠨᠳᠦᠰᠦᠳᠠᠨ  ᠤ ᠲᠤᠮᠳᠠᠳᠤ ᠰᠤᠷᠭᠠᠭᠤᠯᠢ ᠶᠢᠨ ᠪᠠᠭᠰᠢ ᠠᠵᠢᠯᠳᠠᠨ  ᠣ ᠠᠩᠬᠠᠳᠠᠭᠴᠢ ᠤᠳᠠᠭᠠᠨ  ᠤ ᠪᠡᠶ᠎ᠡ ᠲᠠᠮᠢᠷ  ᠣᠨ ᠤᠷᠤᠯᠳᠤᠭᠠᠨ 2014 ᠤᠨ ᠤ 9 ᠰᠠᠷ᠎ᠠ ᠶᠢᠨ 13  ᠤ ᠡᠳᠦᠷ ᠠᠮᠵᠢᠯᠳᠠᠲᠡᠢ ᠶᠠᠪᠤᠭᠳᠠᠯ᠎ᠠ ᠃ ᠤᠷᠤᠯᠳᠤᠭᠠᠨ  ᠢ ᠲᠦ᠍ᠴᠢᠨ ᠨᠠᠰᠤᠨ ᠡᠴᠡ ᠲᠡᠭᠡᠭᠰᠢ ᠪᠠ ᠲᠤᠭᠤᠭᠰᠢ ᠭᠡᠵᠦ ᠵᠠᠭᠠᠭᠯᠠᠭᠠᠳ ᠡᠷᠡᠭᠳᠡᠢ ᠡᠮᠡᠭᠳᠡᠢ ᠲᠦ᠍ᠷᠪᠡᠨ ᠲᠤᠭᠤᠢᠢᠯᠠᠩ ᠬᠤᠪᠢᠶᠠᠵᠤ ᠂ ᠵᠠᠭᠤᠨ ᠮᠸᠲ᠋ᠷ ᠂ ᠬᠤᠶᠠᠷ ᠵᠠᠭᠤᠨ ᠮᠸᠲ᠋ᠷ ᠂ ᠲᠤᠭᠤᠯᠭᠠᠨ ᠪᠦᠮᠪᠦᠭᠡ ᠂ ᠲᠡᠷᠭᠡ ᠤᠳᠠᠭᠠᠨ ᠤᠨᠤᠬᠤ ᠂ ᠬᠦᠴᠦᠨ ᠵᠠᠯᠭᠠᠵᠤ ᠬᠦ᠍ᠶᠦᠬᠦ ᠂ ᠪᠦᠮᠪᠦᠭᠡ ᠰᠠᠭᠰᠤᠯᠠᠬᠤ ᠂ ᠬᠤᠯᠨ ᠦᠰᠦᠷᠬᠦ ᠂ ᠦᠨᠳᠦᠷ ᠦᠰᠦᠷᠬᠦ ᠂ ᠪᠢᠯᠠᠭᠤ ᠰᠢᠳᠡᠬᠦ ᠂ ᠠᠯᠬᠤᠬᠤ ᠂ ᠴᠤᠯᠤ ᠪᠦ᠍ᠮᠪᠦᠭᠡ ᠰᠢᠳᠡᠬᠦ ᠁ ᠵᠡᠷᠭᠡ ᠤᠯᠠᠨ ᠲᠦᠷᠦᠯ  ᠤᠨ ᠤᠷᠤᠯᠳᠤᠭᠠᠨ  ᠢ ᠡᠷᠴᠢᠮᠳᠠᠢ ᠶᠠᠪᠤᠭᠳᠠᠭᠤᠯᠵᠤ ᠂ ᠬᠤᠪᠢ ᠬᠦ᠍ᠮᠦᠨ ᠤ ᠱᠠᠩᠨᠠᠯ ᠪᠠ ᠨᠢᠭᠡᠴᠢ ᠶᠢᠨ ᠱᠠᠩᠨᠠᠯ ᠭᠡᠬᠦ ᠬᠤᠶᠠᠷ ᠲᠦᠷᠦᠯ  ᠣᠨ ᠱᠠᠩᠨᠠᠯ ᠤᠯᠭᠤᠵᠤ ᠭᠦ᠍ᠬᠢᠭᠦᠯᠦᠨ ᠵᠤᠷᠢᠭᠵᠢᠭᠤᠯᠪᠠ ᠃ᠨᠢᠭᠡᠴᠢ ᠶᠢᠨ ᠱᠠᠩᠨᠠᠯ  ᠳᠤ ᠵᠠᠰᠠᠭ ᠵᠠᠬᠢᠷᠭᠠᠨ ᠤ ᠲᠤᠭᠤᠢᠢᠯᠠᠩ ᠲᠦᠷᠦᠭᠦᠯᠡᠵᠦ ᠂ ᠲᠡᠭᠡᠳᠦ ᠭᠤᠷᠪᠠ ᠪᠠ ᠲᠡᠭᠡᠳᠦ ᠨᠢᠭᠡ  ᠶᠢᠨ ᠤᠨ ᠤ ᠲᠤᠭᠤᠢᠢᠯᠠᠩ ᠬᠤᠶᠠᠷ ᠭᠤᠷᠪᠠᠳᠤᠭᠠᠷ ᠲᠤ ᠲᠤᠳᠤᠷᠠᠪᠠ ᠃ ᠬᠢᠨᠠᠭᠴᠢ ᠰᠤᠷᠤᠭᠴᠢᠳ ᠲᠤ ᠲᠤᠷᠠᠰᠬᠠᠯ  ᠣᠨ ᠱᠠᠩᠨᠠᠯ ᠤᠯᠭᠤᠪᠠ ᠃ ᠡᠨᠡ ᠤᠳᠠᠭᠠᠨ ᠤ ᠱᠠᠩᠨᠠᠯ ᠣᠨ ᠵᠠᠷᠤᠳᠠᠯ ᠢ ᠴᠦ᠍ᠮ ᠠᠵᠢᠯᠴᠢᠨ ᠤ ᠡᠪᠯᠡᠯ ᠡᠴᠡ ᠭᠠᠷᠭᠠᠪᠠ ᠃ ᠨᠡᠢᠢᠳᠡ ᠲᠦ᠍ᠮᠨ ᠬᠤᠶᠠᠷ ᠵᠠᠭᠤᠨ ᠨᠠᠶᠠᠨ ᠲᠦᠭᠦᠷᠢᠭ ᠵᠠᠷᠤᠴᠠᠭᠤᠯᠪᠠ ᠃ ᠲᠤᠤᠷᠠᠬᠢ ᠪᠤᠯ ᠭᠡᠰᠡᠭ ᠦᠵᠡᠭᠳᠡᠯ ᠣᠨ ᠰᠡᠭᠦᠳᠡᠷ