︽ ᠭᠤᠷᠪᠠᠨ ᠳᠠᠪᠠᠭ᠎ᠠ ︾ᠤᠶᠤᠨ ᠴᠢᠳᠠᠪᠤᠷᠢ ᠶᠢᠨ ᠤᠷᠤᠯᠳᠤᠭᠠᠨ
ᠤᠮᠠᠷᠠᠳᠤ ᠶᠢᠨ ᠨᠡᠭᠦᠳᠡᠯᠴᠢᠨ ᠦᠨᠳᠤᠰᠤᠳᠡᠨ ᠤ ᠳᠤᠲᠤᠷᠠᠭᠢ ᠭᠤᠤᠯ ᠴᠤᠭᠴᠠ ᠪᠤᠯᠤᠭᠰᠠᠨ ᠮᠤᠩᠭᠤᠯ ᠦᠨᠳᠤᠰᠤᠳᠡᠨ ᠮᠢᠨᠢ ᠦᠪᠡᠷ ᠦᠨ ᠢᠶᠡᠨ ᠲᠡᠤᠬᠡ ᠰᠤᠶᠤᠯ ᠢᠶᠠᠨ ᠪᠢᠴᠢᠭᠯᠡᠭᠡᠳ ᠨᠢᠭᠡᠨᠳᠠ ᠮᠢᠩᠭ᠎ᠠ ᠢᠯᠡᠭᠦᠦ ᠵᠢᠯ ᠦᠨ ᠨᠢᠭᠤᠷ ᠢ ᠦᠵᠡᠵᠦ ᠪᠠᠶᠢᠨ᠎ᠠ ᠃ ᠡᠨᠡᠬᠦ ᠪᠤᠰᠤᠭ᠎ᠠ ᠰᠤᠶᠤᠯ ᠮᠠᠨᠢ ᠦᠨᠦᠳᠤᠷ ᠴᠦ ᠭᠡᠰᠡᠨ ᠭᠦᠷᠦᠰᠤᠳᠤ ᠳᠡᠯᠡᠭᠡᠢ ᠶᠢᠨ ᠰᠤᠶᠤᠯ ᠤᠨ ᠳᠠᠪᠴᠠᠩ ᠳᠠᠭᠡᠷ᠎ᠠ ᠴᠢᠬᠤᠯᠠ ᠤᠶᠢᠯᠡᠳᠤᠯ ᠢᠶᠠᠨ ᠪᠠᠳᠠᠷᠠᠭᠤᠯᠵᠤ ᠪᠠᠶᠢᠳᠠᠭ ᠤᠨ ᠰᠢᠯᠳᠠᠭᠠᠨ ᠨᠢ ᠲᠠᠭᠦᠨ ᠤ ᠦᠪᠡᠷ ᠦᠨ ᠬᠢᠨᠢ ᠴᠢᠩᠭ᠎ᠠ ᠪᠠᠲᠤᠲᠠᠢ ᠠᠮᠢᠵᠢᠷᠠᠯ ᠤᠨ ᠭᠦᠴᠤᠨ ᠠᠴᠠ ᠭᠠᠳᠠᠨ᠎ᠠ ᠡᠨᠡᠭᠦ ᠵᠤᠭᠰᠤᠭ᠎ᠠ ᠰᠤᠶᠤᠯ ᠢᠶᠠᠨ ᠲᠡᠭᠡᠳᠤᠯᠡᠳᠡᠭ ᠮᠤᠩᠭᠤᠯ ᠲᠦᠮᠡᠨ ᠦ ᠴᠤᠴᠠᠰᠢ ᠦᠭᠡᠢ ᠴᠢᠷᠮᠠᠶᠢᠯᠭ᠎ᠠ ᠳ᠋ᠥ ᠴᠦ ᠪᠠᠶᠢᠨ᠎ᠠ ᠭᠡᠳᠡᠭ ᠢ ᠪᠤᠳᠠᠳᠤ ᠠᠬᠤᠢ ᠭᠡᠷᠡᠴᠢᠯᠡᠵᠡᠢ ᠃ ᠰᠢᠨ᠎ᠡ ᠡᠷᠢᠨ ᠦ ᠵᠠᠯᠠᠭᠤᠴᠤᠳ ᠪᠢᠳᠠ ᠦᠪᠡᠷ ᠦᠨ ᠶᠢᠨ ᠤᠳᠤᠮ ᠭᠠᠷᠤᠯ ᠢᠶᠠᠨ ᠮᠡᠳᠡᠵᠤ ᠦᠨᠳᠤᠰᠤᠳᠡᠨ ᠤ ᠲᠠᠷᠬᠠᠨ ᠰᠤᠶᠤᠯ ᠢᠶᠠᠨ ᠵᠠᠯᠭᠠᠮᠵᠢᠯᠠᠵᠤ ᠠᠪᠬᠤ ᠨᠢ ᠲᠠᠭᠡᠳᠤᠰ ᠤᠨ ᠭᠡᠷᠢᠶᠡᠰᠤ ᠂ ᠬᠤᠷᠸ᠎ᠠ ᠶᠢᠨ ᠶᠤᠰᠤ ᠪᠢᠯᠡ ᠃ ᠡᠶᠢᠨᠬᠦ ᠮᠠᠨ ᠤ ᠰᠤᠷᠭᠠᠭᠤᠯᠢ ᠵᠢᠨ ᠡᠪᠯᠡᠯ ᠤᠨ ᠬᠤᠷᠢᠶ᠎ᠠ ᠪᠤᠯᠤᠨ︽ ᠳᠤᠭᠤᠨᠤ ︾ ᠮᠤᠩᠭᠤᠯ ᠨᠤᠮ ᠤᠨ ᠦᠷᠭᠦᠭᠡ ᠡᠴᠡ ᠬᠤᠶᠠᠳᠠᠭᠢ ᠤᠳᠠᠭᠠᠨ ᠤ ︽ ᠭᠤᠷᠪᠠᠨ ᠳᠠᠪᠠᠭ᠎ᠠ ︾ ᠤᠶᠤᠨ ᠴᠢᠳᠠᠪᠤᠷᠢ ᠶᠢᠨ ᠤᠷᠤᠯᠳᠤᠭᠠᠨ ᠶᠢ 2014.12.9 ᠳᠤ ᠳᠤᠷᠭᠠᠨ ᠡᠭᠡᠰᠢᠭ ᠠᠰᠠᠷ ᠲᠤ ᠪᠤᠯᠵᠤᠭ᠎ᠠ ᠶᠤᠰᠤ ᠪᠠᠷ ᠭᠢᠭᠰᠡᠨ ᠪᠠᠶᠢᠨ᠎ᠠ ᠃
ᠲᠤᠰ ᠤᠳᠠᠭᠠᠨ ᠤ ᠤᠷᠤᠯᠳᠤᠭᠠᠨ ᠢ ᠲᠡᠭᠡᠳᠤ ᠳᠤᠮᠳᠠᠳᠤ ᠶᠢᠨ ᠬᠡᠪᠴᠢᠶᠡᠨ ᠳ᠋ᠥ ᠪᠡᠯᠡᠳᠬᠡᠯ ᠤᠷᠤᠯᠳᠤᠭᠠᠨ ᠪᠠ ᠰᠢᠢᠳᠪᠤᠷᠢᠳᠤ ᠤᠷᠤᠯᠳᠤᠭᠠᠨ ᠭᠡᠵᠤ ᠬᠤᠶᠠᠷ ᠬᠤᠪᠢᠶᠠᠨ ᠶᠠᠪᠤᠭᠳᠠᠪᠠ ᠃ ᠠᠩᠭᠢ ᠪᠤᠯᠠᠭᠠᠨ ᠭᠤᠷᠪᠠᠨ ᠰᠤᠷᠤᠭᠴᠢ ᠪᠡᠯᠡᠳᠭᠡᠯ ᠤᠷᠤᠯᠳᠤᠭᠠᠨ ᠳ᠋ᠥ ᠤᠷᠤᠯᠴᠠᠭ᠍ᠰᠡᠨ ᠂ ᠪᠡᠯᠡᠳᠭᠡᠯ ᠤᠷᠤᠯᠳᠤᠭᠠᠨ ᠳ᠋ᠥ ᠰᠢᠯᠭᠠᠷᠠᠭᠰᠠᠨ ᠠᠩᠭᠢ ᠨᠢ ᠳᠠᠬᠢᠨ ᠭᠤᠷᠪᠠᠨ ᠰᠤᠷᠤᠭᠴᠢ ᠰᠤᠩᠭᠤᠵᠤ ᠪᠦᠷᠢᠯᠳᠤᠭᠦᠯᠦᠨ ᠰᠢᠢᠳᠪᠤᠷᠢᠳᠤ ᠤᠷᠤᠯᠳᠤᠭᠠᠨ ᠳ᠋ᠥ ᠤᠷᠤᠯᠴᠠᠭ᠍ᠰᠡᠨ ᠪᠠᠶᠢᠨ᠎ᠠ ᠃
ᠲᠤᠰ ᠤᠷᠤᠯᠳᠤᠭᠠᠨ ᠳᠤ ᠰᠤᠷᠭᠠᠭᠤᠯᠢ ᠶᠢᠨ ᠵᠠᠬᠢᠷᠤᠯ ᠳᠦᠪᠰᠢᠨ ᠪᠠᠭᠰᠢ ᠂ ᠲᠡᠳ᠋ ᠵᠠᠬᠢᠷᠤᠯ ᠮᠦᠡᠭᠬᠡᠳᠠᠯᠠᠢ ᠪᠠᠭᠰᠢ ᠂ ᠬᠢᠴᠢᠶᠡᠯ ᠬᠦᠮᠦᠵᠢᠯ ᠤᠨ ᠭᠠᠵᠠᠷ ᠤᠨ ᠡᠷᠬᠢᠯᠡᠭᠴᠢ ᠠᠯᠳᠠᠨᠪᠤᠯᠠᠭ ᠪᠠᠭᠰᠢ ᠂ ᠳᠡᠭᠡᠳᠤ ᠨᠢᠭᠡ ᠶᠢᠨ ᠤᠨ ᠤ ᠡᠷᠬᠢᠯᠡᠭᠴᠢ ᠪᠠᠶᠠᠷ ᠪᠠᠭᠰᠢ ᠭᠡᠭᠡ ᠬᠠᠢᠢᠷᠠᠯᠠᠨ ᠭᠡᠷᠡᠯᠳᠦᠭᠦᠯᠦᠨ ᠪᠠᠭᠤᠵᠤ ᠂ ᠤᠷᠳᠤᠰ ᠨᠤᠳᠤᠭ ᠳᠠᠢ ᠠᠯᠳᠠᠷᠳᠤ ᠵᠤᠬᠢᠶᠠᠯᠴᠢ ᠪᠤ ᠂ ᠴᠡᠡᠭᠬᠡᠯᠳᠤ ᠪᠠᠭᠰᠢ ᠂ 《 ᠠᠯᠳᠠᠨ ᠭᠠᠨᠳᠠᠷᠢ 》 ᠰᠡᠳᠬᠦᠯ ᠤᠨ ᠨᠠᠢᠷᠠᠭᠤᠯᠤᠭᠴᠢ ᠪᠤᠶᠠᠨᠸᠴᠢᠷ ᠪᠠᠭᠰᠢ ᠂ ᠤᠷᠳᠤᠰ ᠤᠨ ᠷᠠᠳᠢᠥ ᠲᠸᠯᠸᠢᠰ ᠬᠤᠷᠢᠶᠠᠨ ᠤ 《 ᠲᠠᠨᠢᠯᠴᠠᠶ᠎ᠠ 》 ᠳᠡᠯᠭᠡᠴᠡ ᠶᠢᠨ ᠲᠠᠭᠠᠭᠠᠮᠠᠯ ᠬᠦᠳᠦᠯᠦᠭᠴᠢ ᠭᠡᠰᠢᠭᠪᠦᠢᠷᠢᠨ ᠪᠠᠭᠰᠢ ᠂ ᠲᠡᠭᠡᠲᠦ ᠬᠤᠶᠠᠳᠤᠭᠠᠷ ᠤᠨ ᠤ ᠡᠷᠬᠢᠯᠡᠭᠴᠢ ᠤᠯᠠᠭᠠᠨᠰᠤᠶᠤᠯ ᠪᠠᠭᠰᠢ ᠂ ᠰᠤᠷᠭᠠᠭᠤᠯᠢ ᠶᠢᠨ ᠬᠦᠳᠦᠯᠦᠭᠴᠢ ᠨᠡᠪᠳᠡᠷᠡᠭᠦᠯᠦᠭᠴᠢ ᠶᠢᠨ ᠳᠤᠰᠬᠠᠢ ᠮᠡᠷᠭᠡᠵᠢᠯ ᠤᠨ ᠵᠢᠯᠤᠭᠤᠳᠤᠭᠴᠢ ᠪᠠᠭᠰᠢ ᠮᠠᠨᠳᠤᠭᠡᠷᠡᠯ ᠪᠠᠭᠰᠢ ᠬᠢᠨᠠᠭᠴᠢ ᠶᠢᠨ ᠬᠤᠪᠢ ᠪᠠᠷ ᠰᠠᠭᠠᠳᠠᠨ ᠂ ᠤᠷᠤᠯᠳᠤᠭᠠᠨ ᠳᠤ ᠮᠠᠨᠢ ᠦᠨᠡᠨᠴᠢ ᠵᠦᠪᠯᠡᠯᠭᠡ ᠪᠠᠨ ᠬᠦᠷᠲᠡᠭᠡᠭᠰᠡᠨ ᠪᠠᠶᠢᠨ᠎ᠠ ᠃
ᠤᠷᠤᠯᠳᠤᠭᠠᠨ ᠳᠤ ᠰᠢᠯᠭᠠᠷᠠᠭᠳᠠᠨ ᠭᠠᠷᠤᠭᠰᠠᠨ ᠠᠩᠭᠢ ᠨᠢᠭᠡᠴᠢ ᠄ ᠨᠢᠭᠡᠳᠤᠭᠡᠷ ᠨᠡᠷᠡᠰ 193 ᠳ᠋ᠤᠭᠠᠷ ᠪᠦᠯᠦᠭ ᠂ ᠬᠤᠶᠠᠳᠤᠭᠠᠷ ᠨᠡᠷᠠᠰ199 ᠳ᠋ᠦ᠋ᠭᠡᠷ ᠪᠦᠯᠦᠭ ᠂ ᠭᠤᠷᠪᠠᠳᠤᠭᠠᠷ ᠨᠡᠷᠡᠰ 195 ᠳ᠋ᠤᠭᠠᠷ ᠪᠦᠯᠦᠭ ᠃