Menu

ᠲᠡᠭᠡᠳᠤ ᠨᠢᠭᠡ ᠶᠢᠨ ᠬᠢᠳᠡᠳ ᠦᠰᠦᠭ ᠦᠨ ᠪᠤᠯᠤᠳ ᠪᠢᠷ ᠦᠨ ᠤᠷᠠᠨ ᠪᠢᠴᠢᠯᠭᠡ ᠶᠢᠨ ᠤᠷᠤᠯᠳᠤᠭᠠᠨ ᠦᠷᠨᠢᠭᠦᠯᠪᠡ

2014-12-05 / ᠴᠧᠨ ᠰᠢᠤ ᠯᠠᠨ

(ᠤᠩᠰᠢᠭᠰᠠᠨ ᠤᠳᠠᠭ᠎ᠠ: 184 ᠤᠳᠠᠭ᠎ᠠ)

 

ᠰᠤᠷᠤᠭᠴᠢᠳ ᠤᠨ ᠵᠦᠪ ᠤᠨᠤᠪᠴᠢᠳᠠᠢ ᠂ ᠲᠦᠷᠢᠮᠵᠢᠭᠦᠯᠦᠭᠰᠡᠨ ᠴᠠᠪᠡᠷ ᠲᠡᠭᠰᠢᠭᠡᠨ ᠬᠢᠳᠡᠳ ᠦᠰᠦᠭ ᠪᠢᠴᠢᠬᠦ ᠴᠢᠳᠠᠪᠦᠷᠢ ᠶᠢ ᠭᠦᠮᠦᠵᠢᠭᠦᠯᠵᠤ ᠂ ᠰᠤᠷᠬᠤ ᠤᠷᠮᠠᠰᠢᠯ ᠢ ᠨᠢ ᠭᠦᠭᠵᠢᠭᠡᠨ ᠂ ᠪᠢᠴᠢᠵᠥ ᠢᠯᠡᠳᠬᠡᠭᠦ ᠴᠢᠳᠠᠪᠤᠷᠢ ᠶᠢ ᠨᠢ ᠲᠡᠭᠡᠭᠰᠢᠯᠡᠭᠦᠯᠭᠦ ᠶᠢᠨ ᠲᠦᠯᠦᠭᠡ 2014 ᠣᠨ ᠤ 10 ᠰᠠᠷ᠎ᠠ ᠶᠢᠨ 9 ᠳ᠋ᠥ ᠂ ᠲᠡᠭᠡᠳᠤ ᠨᠢᠭᠡ ᠶᠢᠨ ᠬᠢᠳᠡᠳ ᠬᠡᠯᠡᠨ ᠦ ᠲᠤᠭᠤᠶᠢᠯᠠᠩ ᠲᠤᠰ ᠤᠨ ᠤ 8 ᠠᠩᠬᠢ ᠶᠢᠨ 300 ᠭᠠᠷᠤᠢ ᠰᠤᠷᠤᠭᠴᠢ ᠶᠢ ᠢᠳᠡᠪᠬᠢᠳᠠᠢ ᠲᠠᠶᠢᠴᠢᠯᠠᠨ ᠂ ᠡᠨᠠ  ᠤᠳᠠᠭᠠᠨ ᠤ ᠬᠢᠳᠡᠳ ᠦᠰᠦᠭ ᠦᠨ ᠪᠤᠯᠤᠳ ᠪᠢᠷ ᠦᠨ ᠤᠷᠠᠨ ᠪᠢᠴᠢᠯᠭᠡ ᠶᠢᠨ ᠤᠷᠤᠯᠳᠤᠭᠠᠨ ᠳ᠋ᠥ ᠤᠷᠤᠯᠴᠠᠭᠤᠯᠪᠠ᠃
ᠤᠷᠤᠯᠳᠤᠭᠠᠨ ᠳᠤ ᠤᠷᠤᠯᠴᠠᠭᠰᠠᠳ ᠤᠨ ᠢᠳᠡᠪᠬᠢᠵᠢᠯ ᠢ ᠲᠠᠶᠢᠴᠢᠯᠠᠬᠤ ᠶᠢᠨ ᠲᠦᠯᠦᠭᠡ ᠂ ᠬᠢᠨᠠᠬᠤ ᠲᠤᠭᠤᠶᠢᠯᠠᠩ ᠡᠴᠠ ᠠᠩᠬᠢ ᠪᠠᠷ ᠨᠢᠭᠡᠴᠢ ᠪᠤᠯᠭᠠᠨ ᠂ ᠲᠤᠰ ᠲᠤᠰ ᠲᠤᠨᠢ ᠬᠢᠨᠠᠨ ᠲᠤᠭᠳᠠᠭᠠᠭᠰᠠᠨ ᠪᠠᠶᠢᠨ᠎ᠠ ᠃ ᠬᠢᠨᠠᠬᠤ ᠲᠤᠭᠤᠶᠢᠯᠠᠩ ᠤᠨ ᠨᠠᠷᠢᠨ ᠨᠢᠮᠪᠠᠢ ᠬᠢᠨᠠᠯᠳᠠ ᠪᠠᠷ ᠲᠠᠮᠵᠢᠨ ᠂ ᠨᠢᠭᠡᠳᠤᠭᠡᠷ ᠲᠡᠰ  ᠂ ᠬᠤᠶᠠᠳᠤᠭᠠᠷ ᠲᠡᠰ ᠂ ᠭᠤᠷᠪᠠᠳᠤᠭᠠᠷ ᠲᠡᠰ ᠲᠤᠰ ᠪᠦᠷᠢ 8 ᠰᠤᠷᠤᠭᠴᠢ ᠂ ᠨᠠᠶᠢᠳᠠ 24 ᠰᠤᠷᠤᠭᠴᠢ  ᠶᠢ ᠱᠠᠩᠨᠠᠨ ᠬᠦᠬᠢᠭᠦᠯᠪᠡ ᠃ ᠤᠷᠤᠯᠳᠤᠭᠠᠨ ᠲᠡᠭᠦᠰᠦᠭᠰᠡᠨ ᠬᠤᠶᠢᠨ᠎ᠠ ᠰᠤᠷᠤᠭᠴᠢᠳ ᠤᠨ ᠰᠢᠯᠢᠳᠡᠭ ᠪᠦᠳᠦᠭᠡᠯ ᠢ ᠠᠩᠬᠢ ᠨᠢᠭᠡᠴᠢ ᠳ᠋ᠥ ᠲᠡᠯᠭᠡᠨ ᠦᠵᠡᠭᠦᠯᠪᠡ ᠃

 

 

IMG_1803
IMG_1804
IMG_1858