Menu

ᠠᠩᠬ᠎ᠠ ᠲᠤᠮᠳᠠᠳᠤ ᠶᠢᠨ ᠲᠤᠭᠤᠶᠢᠯᠠᠩ ᠤᠨ ᠦᠷᠨᠢᠭᠦᠯᠦᠭᠰᠡᠨ ︽ ᠵᠤᠬᠢᠶᠠᠯ ᠢ ᠬᠢᠷᠬᠢᠨ ᠪᠢᠴᠢᠬᠦ ᠲᠤᠬᠠᠢ ︾ ᠭᠡᠬᠦ ᠶᠠᠷᠢᠶ᠎ᠠ ᠢᠯᠡᠳᠬᠡᠯ ᠦᠨ ᠭᠦᠳᠡᠯᠭᠡᠭᠡᠨ

2014-12-04 / ᠴᠧᠨ ᠰᠢᠤ ᠯᠠᠨ

(ᠤᠩᠰᠢᠭᠰᠠᠨ ᠤᠳᠠᠭ᠎ᠠ: 172 ᠤᠳᠠᠭ᠎ᠠ)

 

2014 ᠣᠨ ᠤ11 ᠰᠠᠷ᠎ᠠ ᠶᠢᠨ 19 ᠡᠳᠤᠷ ᠂ ᠠᠩᠬ᠎ᠠ ᠲᠤᠮᠳᠠᠳᠤ  ᠶᠢᠨ ᠲᠤᠭᠤᠶᠢᠯᠠᠩ ︽ ᠬᠢᠴᠢᠶᠡᠯ ᠦᠨ ᠲᠤᠳᠤᠨ᠎ᠠ ᠭᠠᠳᠠᠨ᠎ᠠ ︾ ᠬᠡᠭᠦ ᠰᠡᠳᠭᠦᠯ ᠦᠨ ᠭᠤᠤᠯ ᠨᠠᠶᠢᠷᠠᠭᠤᠯᠤᠭᠴᠢ ᠰᠢᠶᠠᠩ ᠬᠤᠩ ᠶᠠᠨ ᠪᠠᠭᠰᠢ ᠶᠢ ᠤᠷᠢᠵᠥ ᠂ ᠰᠤᠷᠭᠠᠭᠤᠯᠢ ᠶᠢᠨ ᠤᠷᠠᠯᠢᠭ ᠤᠨ ᠲᠠᠩᠬᠢᠮ ᠳ᠋ᠥ ︽ ᠵᠤᠬᠢᠶᠠᠯ ᠢ ᠰᠠᠶᠢᠳᠤᠷ ᠪᠢᠴᠢᠬᠦ ᠲᠤᠬᠠᠢ ︾ ᠭᠡᠬᠦ ᠰᠡᠳᠤᠪ ᠢᠶᠠᠷ ᠠᠩᠬ᠎ᠠ ᠲᠤᠮᠳᠠᠳᠤ ᠶᠢᠨ ᠪᠦᠬᠦ ᠰᠤᠷᠤᠭᠴᠢᠳ ᠳ᠋ᠥ ᠶᠠᠷᠢᠶ᠎ᠠ ᠢᠯᠡᠳᠭᠡᠯ ᠬᠢᠪᠡ ᠃
ᠶᠠᠷᠢᠶ᠎ᠠ ᠢᠯᠡᠳᠭᠡᠯ ᠳ᠋ᠥ ᠂ ᠰᠢᠶᠠᠩ ᠪᠠᠭᠰᠢ ᠠᠴᠠ ᠵᠤᠬᠢᠶᠠᠯ ᠢ ᠰᠠᠶᠢᠳᠤᠷ ᠪᠢᠴᠢᠬᠦ ᠶᠢᠨ ᠴᠢᠬᠤᠯᠠ ᠴᠢᠨᠠᠷ ᠢ ᠲᠦᠭᠦᠮ ᠲᠠᠶᠢᠯᠪᠤᠷᠢᠯᠠᠨ ᠶᠠᠷᠢᠭᠰᠠᠨ ᠰᠠᠭᠤᠷᠢᠨ ᠲᠡᠭᠡᠷ᠎ᠠ ᠠᠮᠢᠳᠤᠯᠢᠭ ᠵᠢᠱᠢᠶ᠎ᠠ ᠬᠢᠭᠡᠳ ᠶᠦᠮᠦᠷᠯᠢᠭ ᠶᠠᠷᠢᠶ᠎ᠠ ᠪᠠᠷ ᠵᠤᠬᠢᠶᠠᠯ ᠢ ᠬᠢᠷᠬᠢᠨ ᠰᠠᠶᠢᠳᠤᠷ ᠪᠢᠴᠢᠬᠦ ᠲᠤᠬᠠᠢ ᠲᠠᠪᠤᠨ ᠲᠠᠯ᠎ᠠ  ᠡᠴᠡ ᠬᠤᠷᠢᠶᠠᠩᠭᠤᠶᠢᠯᠠᠨ ᠶᠠᠷᠢᠪᠠ ᠃ ᠲᠤᠰ  ᠤᠳᠠᠭᠠᠨ ᠤ ᠶᠠᠷᠢᠶ᠎ᠠ ᠢᠯᠡᠳᠭᠡᠯ ᠬᠡᠳᠤᠶᠢᠪᠠᠷ ᠴᠠᠭ ᠨᠢ ᠤᠬᠤᠷᠬᠠᠨ ᠪᠤᠯᠪᠠᠴᠤ ᠰᠤᠷᠤᠭᠴᠢᠳ ᠳ᠋ᠥ ᠠᠪᠴᠤ ᠬᠡᠯᠡᠪᠡᠯ ᠤᠯᠤᠯᠳᠠ ᠶᠡᠭᠡ ᠶᠤᠮ ᠃

989
987