Menu

ᠠᠩᠬ᠎ᠠ ᠲᠤᠮᠳᠠᠳᠤ ᠶᠢᠨ ᠬᠢᠳᠡᠳ ᠬᠡᠯᠡᠨ ᠦ ᠲᠤᠭᠤᠶᠢᠯᠠᠩ ᠭᠠᠷ ᠪᠢᠴᠢᠮᠡᠯ ᠰᠤᠨᠢᠨ ᠤ ᠤᠷᠤᠯᠳᠤᠭᠠᠨ ᠦᠷᠨᠢᠭᠦᠯᠪᠡ

2014-12-05 / ᠴᠧᠨ ᠰᠢᠤ ᠯᠠᠨ

(ᠤᠩᠰᠢᠭᠰᠠᠨ ᠤᠳᠠᠭ᠎ᠠ: 775 ᠤᠳᠠᠭ᠎ᠠ)

 

ᠰᠤᠷᠤᠭᠴᠢᠳ ᠤᠨ ᠰᠢᠨ᠎ᠡ ᠶᠢ ᠡᠭᠦᠳᠬᠦ ᠴᠢᠳᠠᠪᠦᠷᠢ ᠬᠢᠭᠡᠳ ᠦᠢᠯᠡᠳᠦᠯᠭᠡᠵᠢᠭᠦ ᠴᠢᠳᠠᠪᠦᠷᠢ ᠶᠢ ᠭᠦᠮᠦᠵᠢᠭᠦᠯᠵᠤ ᠂ ᠰᠤᠷᠬᠤ ᠤᠷᠮᠠᠰᠢᠯ ᠢ ᠨᠢ ᠭᠦᠭᠵᠢᠭᠡᠨ ᠂ ᠪᠢᠴᠢᠵᠥ ᠢᠯᠡᠳᠬᠡᠭᠦ ᠴᠢᠳᠠᠪᠦᠷᠢ ᠶᠢ ᠨᠢ ᠲᠡᠭᠡᠭᠰᠢᠯᠡᠭᠦᠯᠭᠦ ᠶᠢᠨ ᠲᠦᠯᠦᠭᠡ 2014.10.10    ᠳᠦ ᠠᠩᠬ᠎ᠠ ᠲᠤᠮᠳᠠᠳᠤ ᠶᠢᠨ ᠬᠢᠳᠡᠳ ᠬᠡᠯᠡᠨ ᠦ ᠲᠤᠭᠤᠶᠢᠯᠠᠩ ᠡᠴᠠ︽ ᠪᠢ ᠨᠤᠮ ᠤᠩᠰᠢᠨ᠎ᠠ ᠂ ᠪᠢ ᠪᠠᠶᠠᠷ ᠪᠠᠶᠠᠰᠤᠯ ᠲᠠᠢ ︾ ᠬᠡᠭᠦ ᠰᠡᠳᠤᠪ ᠢᠶᠠᠷ ᠠᠩᠬ᠎ᠠ ᠨᠢᠭᠡ ᠂ ᠠᠩᠬ᠎ᠠ ᠬᠤᠶᠠᠷ ᠤᠨ ᠰᠤᠷᠤᠭᠴᠢᠳ ᠤᠨ ᠬᠢᠳᠡᠳ ᠬᠡᠯᠡᠨ ᠦ ᠭᠠᠷ ᠪᠢᠴᠢᠮᠠᠯ ᠰᠤᠨᠢᠨ ᠤ ᠭᠦᠳᠡᠯᠭᠡᠭᠡᠨ ᠢ ᠦᠷᠨᠢᠭᠦᠯᠪᠡ ᠃
ᠲᠤᠰ  ᠤᠳᠠᠭᠠᠨ ᠤ ᠭᠦᠳᠡᠯᠭᠡᠭᠡᠨ ᠢ ᠵᠤᠬᠢᠶᠠᠨ ᠪᠠᠶᠢᠭᠤᠯᠤᠭᠴᠢ ᠪᠠᠭᠰᠢ ᠨᠠᠷ ᠤᠨ ᠵᠢᠯᠤᠭᠤᠳᠤᠯᠭ᠎ᠠ ᠲᠤᠤᠷ᠎ᠠ ᠰᠤᠷᠤᠭᠴᠢᠳ ᠤᠷᠤᠯᠳᠤᠭᠠᠨ ᠳᠤ ᠢᠳᠡᠪᠬᠢᠳᠠᠢ ᠤᠷᠤᠯᠴᠠᠪᠠ ᠃ ᠤᠷᠤᠯᠳᠤᠭᠠᠨ ᠳ᠋ᠥ ᠤᠷᠤᠯᠴᠠᠭᠰᠠᠳ ᠪᠦᠬᠦᠨ ᠲᠦᠰᠦᠪᠯᠡᠮᠵᠢ ᠰᠢᠨ᠎ᠡ ᠰᠡᠪᠡᠭᠦᠨ ᠂ ᠠᠭᠤᠯᠭ᠎ᠠ ᠪᠠᠶᠠᠯᠢᠭ ᠮᠦᠷᠳᠡᠭᠡᠨ ᠠᠮᠢᠳᠤᠯᠢᠭ  ᠂ ᠦᠰᠦᠭ ᠵᠢᠷᠤᠭ ᠬᠤᠤᠰᠯᠠᠭᠰᠠᠨ ᠵᠠᠷᠭᠡ ᠤᠨᠴᠠᠯᠢᠭ ᠲᠠᠢ ᠪᠠᠢᠢᠯ᠎ᠠ᠃ ᠤᠷᠤᠯᠳᠤᠭᠠᠨ ᠳ᠋ᠥ ᠨᠢᠭᠡᠳᠤᠭᠡᠷ ᠨᠡᠷᠡᠰ ᠬᠤᠶᠠᠷ ᠨᠠᠷ᠎ᠡ ᠂ ᠬᠤᠶᠠᠳᠤᠭᠠᠷ ᠨᠠᠷᠡᠰ ᠲᠦᠷᠪᠡᠨ ᠨᠠᠷ᠎ᠡ ᠂ ᠭᠤᠷᠪᠠᠳᠤᠭᠠᠷ ᠨᠠᠷᠡᠰ ᠵᠢᠷᠭᠤᠭᠠᠨ ᠨᠠᠷ᠎ᠡ ᠰᠤᠷᠤᠭᠴᠢ ᠶᠢ ᠱᠠᠩᠨᠠᠨ ᠭᠦᠬᠢᠭᠦᠯᠪᠡ ᠃
ᠲᠤᠰ  ᠤᠳᠠᠭᠠᠨ ᠤ ᠭᠦᠳᠡᠯᠭᠡᠭᠡᠨ ᠢᠶᠡᠷ ᠲᠠᠮᠵᠢᠨ ᠰᠤᠷᠤᠭᠴᠢᠳ ᠤᠨ ᠮᠡᠳᠡᠯᠭᠡ ᠶᠢᠨ ᠭᠡᠪᠴᠢᠶ᠎ᠠ ᠶᠢ ᠦᠷᠭᠡᠳᠭᠡᠵᠥ ᠂ ᠬᠢᠳᠡᠳ ᠬᠡᠯᠡᠨ ᠦ ᠮᠡᠳᠡᠯᠭᠡ ᠶᠢ ᠨᠢ ᠪᠠᠶᠠᠯᠢᠭᠵᠢᠭᠤᠯᠤᠨ ᠂ ᠬᠢᠳᠡᠳ ᠬᠡᠯᠠ ᠰᠤᠷᠬᠤ ᠤᠷᠮ᠎ᠠ ᠶᠢ ᠨᠢ ᠭᠦᠭᠵᠢᠭᠡᠭᠰᠡᠨ ᠡᠴᠠ  ᠪᠢᠳᠠᠨ ᠤ ᠵᠢᠭᠠᠨ ᠰᠤᠷᠭᠠᠯᠳᠠ ᠶᠢᠨ ᠶᠠᠰᠤ ᠴᠢᠨᠠᠷ ᠢ ᠲᠡᠭᠡᠭᠰᠢᠯᠡᠭᠦᠯᠭᠦ ᠳ᠋ᠥ ᠶᠡᠭᠡ ᠬᠠᠪᠰᠤᠷᠤᠮᠵᠢ ᠪᠤᠯᠵᠠᠢ᠃ ᠰᠡᠭᠦᠯᠡᠷᠬᠢ ᠵᠢᠭᠠᠨ ᠰᠤᠷᠭᠠᠯᠳᠠ ᠶᠢᠨ ᠶᠠᠪᠤᠴᠠ ᠳ᠋ᠥ ᠂ ᠡᠢᠢᠮᠦᠷᠬᠦᠦ ᠭᠦᠳᠡᠯᠭᠡᠭᠡᠨ ᠢ ᠢᠯᠡᠭᠦᠬᠡᠨ ᠰᠢᠭ ᠦᠷᠨᠢᠭᠦᠯᠵᠥ ᠰᠤᠷᠤᠭᠴᠢᠳ ᠲᠤ ᠨᠡᠩ ᠤᠯᠠᠨ ᠬᠦᠭᠵᠢᠬᠦ ᠵᠠᠪᠰᠢᠶᠠᠨ ᠢ ᠤᠯᠭᠤᠨ ᠂ ᠨᠤᠮ ᠤᠩᠰᠢᠬᠤ ᠶᠢᠨ ᠪᠠᠶᠠᠷ ᠪᠠᠶᠠᠰᠤᠯ ᠢ ᠦᠨᠡᠩᠬᠦ ᠪᠡᠶᠡᠴᠢᠯᠡᠨ ᠤᠶᠢᠯᠠᠭᠠᠭᠤᠯᠬᠤ ᠪᠠᠷ ᠴᠢᠷᠮᠠᠶᠢᠨ᠎ᠠ ᠃

untitled4
untitled
untitled2
untitled3