Menu

ᠣᠨ ᠤ ᠳᠣᠭᠣᠶᠢᠯᠠᠩ

ᠲᠡᠭᠡᠳᠤ ᠬᠤᠶᠠᠳᠤᠭᠠᠷ ᠣᠨ ᠤ ᠰᠤᠷᠭᠠᠭᠤᠯᠢ ᠡᠬᠢᠯᠡᠬᠦ ᠠᠵᠢᠯ

ᠤᠰᠤᠨ ‍ ᠣ ᠰᠢᠪᠠᠭᠤ ᠨᠠᠭᠤᠷ ᠢᠶᠠᠨ ᠤᠷᠬᠢᠨ ᠨᠡᠭᠦᠳᠡᠯᠯᠡᠳᠡᠭ ᠴᠤ ᠢᠷᠡᠬᠦ ᠬᠠᠪᠤᠷ ᠡᠬᠡ ᠨᠤᠲᠤᠭ ᠲᠤ ᠪᠠᠨ ᠪᠠᠭᠤᠳᠠᠭ ᠤᠨ ᠠᠳᠠᠯᠢ ᠡᠬᠡ ᠤᠷᠤᠨ ᠢᠶᠠᠨ ᠭᠡᠳ ᠵᠣᠷᠢᠭᠰᠠᠨ ᠮᠣᠩᠭᠣᠯ ᠡᠵᠢ  ᠶᠢᠨ ᠬᠦᠪᠡᠭᠦᠳ ᠦᠬᠢᠳ ᠡᠬᠡ ᠰᠤᠷᠭᠠᠭᠤᠯᠢ ᠳᠤ ᠪᠠᠨ ᠢᠷᠡᠵᠤ ᠂ ᠰᠢᠨ᠎ᠡ ᠰᠤᠷᠤᠯᠭ᠎ᠠ ᠶᠢᠨ ᠬᠤᠭᠤᠴᠠᠭ᠎ᠠ ᠪᠠᠨ ᠤᠮᠤᠭ ᠲᠡᠭᠦᠯᠳᠡᠷ ᠤᠭᠲᠤᠵᠤ ᠂ ᠪᠢᠴᠢᠭ ᠨᠤᠮ ᠤᠨ ᠮᠦᠩᠬᠡ ᠶᠢᠨ ᠷᠠᠰᠢᠶᠠᠨ ᠢ ᠬᠦᠷᠲᠡᠨ ᠂ ᠪᠢᠯᠢᠭ ᠤᠬᠠᠭᠠᠨ ᠢᠶᠠᠨ ᠰᠤᠷᠢᠵᠤ ᠂ ︽ ᠲᠡᠭᠷᠢᠯᠢᠭ ᠰᠡᠳᠬᠢᠬᠦᠢ ᠲᠡᠯᠭᠡᠷ ᠬᠠᠷᠠᠭ᠎ᠠ ︾  ᠪᠡᠷ ᠬᠢᠴᠢᠶᠡᠯ ᠡᠬᠢᠯᠡᠬᠦ ᠬᠠᠭᠤᠳᠠᠰᠤ ᠪᠠᠨ ᠰᠡᠬᠦᠬᠦ ᠪᠡᠷ ᠪᠤᠯᠤᠯ᠎ᠠ ᠃ […]

2019 ᠣᠨ ᠤ ᠳᠡᠭᠡᠳᠦ ᠭᠤᠷᠪᠠ ᠶᠢᠨ ᠨᠢᠭᠡᠳᠦᠭᠡᠷ ᠰᠣᠷᠢᠯᠲᠠ ᠶᠢᠨ ᠵᠠᠳᠠᠯᠤᠯᠲᠠ ᠬᠢᠭᠡᠳ ᠬᠣᠶᠠᠳᠤᠭᠠᠷ ᠡᠭᠡᠯᠵᠢ ᠶᠢᠨ ᠳᠠᠪᠲᠠᠯᠭ᠎ᠠ ᠶᠢᠨ ᠲᠤᠬᠠᠢ ᠰᠤᠳᠤᠯᠤᠨ ᠶᠠᠷᠢᠯᠴᠠᠬᠤ ᠬᠤᠷᠠᠯ ᠠᠮᠵᠢᠯᠲᠠ  ᠲᠠᠢ ᠦᠨᠳᠦᠷᠯᠡᠪᠡ

2019 ᠣᠨ ᠤ ᠳᠡᠭᠡᠳᠦ ᠭᠤᠷᠪᠠ ᠶᠢᠨ ᠨᠢᠭᠡᠳᠦᠯᠲᠡᠢ ᠰᠣᠷᠢᠯᠲᠠ ᠳᠤ ᠣᠷᠤᠰᠢᠵᠤ ᠪᠠᠶᠢᠭ᠎ᠠ ᠠᠰᠠᠭᠤᠳᠠᠯ ᠢ ᠨᠠᠷᠢᠯᠢᠭ ᠵᠠᠳᠠᠯᠤᠨ ᠶᠠᠷᠢᠯᠴᠠᠬᠤ ᠶᠢᠨ ᠬᠠᠮᠲᠤ ᠬᠣᠶᠠᠳᠤᠭᠠᠷ ᠡᠭᠡᠯᠵᠢ ᠶᠢᠨ ᠳᠠᠪᠳᠠᠯᠭ᠎ᠠ ᠶᠢᠨ ᠴᠢᠨᠠᠷ ᠴᠢᠨᠰᠠᠭ᠎ᠠ ᠶᠢ ᠳᠡᠭᠡᠭᠰᠢᠯᠡᠬᠦᠯᠬᠦ ᠶᠢᠨ ᠲᠦᠯᠦᠭᠡ 2019 ᠣᠨ ᠤ 3 ᠳ᠋ᠤᠭᠠᠷ ᠰᠠᠷ᠎ᠠ  ᠶᠢᠨ 16 ᠦ ᠡᠳᠤᠷ ᠣᠷᠳᠤᠰ ᠬᠣᠲᠠ ᠶᠢᠨ ᠰᠤᠷᠭᠠᠨ ᠬᠦᠮᠦᠵᠢᠯ ᠵᠢᠭᠠᠨ ᠰᠤᠷᠭᠠᠬᠤ ᠶᠢ ᠰᠤᠳᠤᠯᠬᠤ ᠲᠠᠰᠤᠭ ᠠᠴᠠ ᠬᠣᠲᠠ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠳᠤ ︽ 2019 ᠣᠨ ᠤ ᠳᠡᠭᠡᠳᠦ ᠭᠤᠷᠪᠠ ᠶᠢᠨ ᠨᠢᠭᠡᠳᠦᠭᠡᠷ ᠰᠣᠷᠢᠯᠲᠠ ᠶᠢᠨ ᠵᠠᠳᠠᠯᠤᠯᠲᠠ ᠬᠢᠭᠡᠳ ᠬᠣᠶᠠᠳᠤᠭᠠᠷ ᠡᠭᠡᠯᠵᠢ ᠶᠢᠨ ᠳᠠᠪᠲᠠᠯᠭ᠎ᠠ ᠶᠢᠨ ᠲᠤᠬᠠᠢ ᠰᠤᠳᠤᠯᠤᠨ ᠶᠠᠷᠢᠯᠴᠠᠬᠤ […]

ᠠᠩᠬ᠎ᠠ ᠭᠤᠷᠪᠠ ᠶᠢᠨ ᠵᠠᠭᠤᠨ ᠡᠳᠦᠷ ᠤᠨ ᠲᠠᠶᠢᠴᠢᠯᠠᠯᠳᠠ

ᠰᠣᠷᠤᠭᠴᠢ  ᠨᠦᠭᠦᠳ ᠲᠤ ᠪᠡᠨ ᠬᠦᠴᠦ ᠨᠡᠮᠡᠵᠦ ᠤᠷᠮ᠎ᠠ ᠬᠠᠶᠢᠷᠠᠯᠠᠨ ᠂ ᠥᠪᠡᠷ ᠤᠨ ᠪᠡᠶ᠎ᠡ ᠵᠢ  ᠨᠢ ᠥᠪᠡᠷ ᠲᠤ  ᠨᠢ ᠲᠠᠨᠢᠭᠤᠯᠵᠦ ᠂ ᠢᠲᠡᠭᠡᠯ ᠵᠣᠷᠢᠭ ᠢ  ᠨᠢ ᠬᠥ᠍ᠪᠴᠢᠯᠡᠬᠦ ᠵᠢᠨ ᠲᠤᠰᠠᠳᠠ ᠣᠷᠳᠤᠰ ᠬᠣᠲᠠ ᠵᠢᠨ ᠮᠣᠩᠭᠤᠯ ᠦᠨᠳᠦᠰᠦᠲᠡᠨ ᠤ ᠳᠤᠮᠳᠠᠳᠦ ᠰᠤᠷᠭᠠᠭᠤᠯᠢ ᠵᠢᠨ ᠠᠩᠬ᠎ᠠ ᠳᠤᠮᠳᠠᠳᠤ ᠵᠢᠨ ᠲᠡᠭᠦᠰᠬᠦ ᠣᠨ ᠤ ᠵᠠᠭᠤᠨ ᠠᠳᠦᠷ ᠤᠨ ᠲᠠᠶᠢᠴᠢᠯᠠᠯᠳᠠ ᠵᠢᠨ ᠬᠤᠷᠠᠯ  ᠢ 2019 ᠣᠨ ᠤ 3 ᠰᠠᠷ᠎ᠠ ᠵᠢᠨ 15 ᠤ ᠦᠳᠡ ᠵᠢᠨ ᠠᠮᠦᠨᠡᠬᠢ 09 ᠄ 30  ᠲᠤ ︽ ᠲᠣᠷᠭᠠᠨ ᠵᠢᠯᠤᠭᠤ ︾ ᠠᠰᠠᠷ ᠲᠤ ᠦᠪᠡᠳᠡᠭᠰᠢ ᠶᠡᠬᠡ ᠪᠡᠷ ᠬᠢᠪᠡ ᠃ […]

ᠳᠡᠭᠡᠳᠦ ᠭᠤᠷᠪᠠ ᠶᠢᠨ ᠰᠤᠷᠤᠭᠴᠢᠳ ᠲᠤ ᠤᠯᠤᠰ ᠲᠦᠷᠦ ᠂ ᠭᠠᠵᠠᠷ ᠵᠦᠢ ᠶᠢᠨ ᠰᠤᠷᠬᠤ ᠠᠷᠭ᠎ᠠ ᠶᠢᠨ ᠵᠢᠯᠤᠭᠤᠳᠤᠯᠭ᠎ᠠ ᠬᠢᠪᠡ

2019 ᠣᠨ ᠦ 3 ᠰᠠᠷ᠎ᠠ ᠶᠢᠨ 1 ᠦ ᠡᠳᠤᠷ ᠂ ᠳᠡᠭᠡᠳᠦ ᠭᠤᠷᠪᠠ ᠶᠢᠨ ᠣᠨ ᠤ ᠳᠤᠭᠤᠶᠢᠯᠠᠩ ᠤᠨ  ᠬᠢᠨ ᠭᠠᠵᠠᠷ ᠵᠦᠢ ᠶᠢᠨ ᠤᠷᠢᠬᠠᠨ ᠪᠠᠭᠰᠢ ᠶᠢ ᠤᠷᠢᠵᠤ ᠂ ᠨᠡᠶᠢᠭᠡᠮ ᠦᠨ ᠰᠢᠨᠵᠢᠯᠡᠭᠡᠨ ᠦ ᠠᠩᠭᠢ ᠶᠢᠨ ᠰᠤᠷᠤᠭᠴᠢᠳ ᠲᠤ ︽ ᠵᠢᠭᠤᠯᠴᠢᠯᠠᠯ ᠤᠨ ᠭᠠᠵᠠᠷ ᠵᠦᠢ ︾ ᠶᠢᠨ ᠠᠭᠤᠯᠭ᠎ᠠ ᠶᠢᠨ ᠲᠤᠰᠬᠠᠢ ᠰᠡᠳᠤᠪᠲᠦ ᠵᠢᠯᠤᠭᠤᠳᠤᠯᠭ᠎ᠠ ᠬᠢᠯᠭᠡᠪᠠ ᠃ ᠤᠷᠢᠬᠠᠨ ᠪᠠᠭᠰᠢ ᠠᠴᠠ ᠲᠤᠰ ᠠᠭᠤᠯᠭ᠎ᠠ ᠶᠢᠨ ᠮᠡᠳᠡᠯᠭᠡ ᠶᠢᠨ ᠴᠡᠭ ᠂ ᠭᠣᠣᠯᠳᠠᠯᠭ᠎ᠠ  ᠶᠢ ᠴᠡᠭᠴᠡᠯᠡᠨ ᠲᠠᠶᠢᠯᠪᠤᠷᠢᠯᠠᠬᠤ ᠶᠢᠨ ᠬᠠᠮᠳᠣ ᠬᠣᠶᠢᠰᠢᠳᠠ ᠶᠢᠨ ᠲᠠᠪᠳᠠᠯᠭ᠎ᠠ ᠶᠢᠨ ᠶᠠᠪᠤᠴᠠ ᠳ᠋ᠥ ᠶᠠᠭᠤ  ᠶᠢ ᠠᠩᠬᠠᠷᠬᠤ ᠂ ᠬᠡᠷᠬᠢᠨ ᠲᠠᠪᠳᠠᠯᠭ᠎ᠠ […]

ᠰᠢᠨ᠎ᠡ ᠵᠢᠨ ᠵᠤᠯᠭᠠᠯᠳᠠ ᠰᠢᠨ᠎ᠡ ᠬᠤᠭᠤᠴᠠᠭᠠᠨ  ᠤ ᠠᠵᠢᠯ  ᠤᠨ ᠡᠬᠢᠯᠡᠯᠳᠡ

ᠪᠢᠯᠢᠭ ᠦᠨ ᠣᠯᠠᠷᠢᠯ ᠤᠨ ᠰᠢᠷᠠᠭᠴᠢᠨ ᠭᠠᠬᠠᠢ ᠵᠢᠯ ᠦᠨ ᠴᠠᠭᠠᠨ ᠰᠠᠷ᠎ᠠ ᠵᠢᠨ ᠠᠷᠪᠠᠨ ᠭᠤᠷᠪᠠᠨ ᠤ ᠥᠯᠵᠡᠶᠢᠲᠦ ᠡᠳᠤᠷ  ᠢ ᠰᠤᠩᠭᠤᠵᠤ ᠂ ᠲᠡᠭᠡᠳᠤ ᠨᠢᠭᠡ ᠵᠢᠨ  ᠬᠢᠨ ᠰᠤᠷᠤᠭᠴᠢᠳ  ᠤᠨ ᠨᠡᠷ᠎ᠡ ᠮᠡᠳᠡᠬᠦᠯᠬᠦ ᠶᠤᠰᠤᠯᠠᠯ   ᠢ ᠳᠡᠭᠡᠳᠦ ᠳᠣᠮᠳᠠᠳᠣ ᠵᠢᠨ ᠵᠢᠭᠠᠨ ᠰᠣᠷᠭᠠᠯᠲᠠ ᠵᠢᠨ ᠠᠰᠠᠷ ᠤᠨ ᠶᠡᠭᠡ ᠲᠢᠩᠬᠢᠮ ᠳᠤ ᠦᠪᠡᠳᠡᠭᠰᠢ ᠶᠡᠭᠡ  ᠪᠠᠷ ᠡᠷᠬᠢᠯᠡᠯ᠎ᠡ ᠃ ᠶᠤᠰᠤᠯᠠᠯ ᠳ᠋ᠥ ᠳᠡᠭᠡᠳᠦ ᠨᠢᠭᠡ ᠵᠢᠨ ᠪᠦᠬᠦ ᠪᠠᠭᠰᠢ ᠰᠤᠷᠤᠭᠴᠢ ᠵᠢᠴᠢ ᠭᠡᠷ  ᠤᠨ ᠠᠬᠠᠮᠠᠳ  ᠨᠠᠷ ᠤᠷᠤᠯᠴᠠᠭᠰᠠᠨ ᠪᠠᠶᠢᠨ᠎ᠠ ᠃ ᠡᠯ᠎ᠡ ᠠᠩᠭᠢ ᠵᠢᠨ ᠠᠷᠬᠢᠯᠡᠭᠴᠢ […]

ᠨᠤᠮ  ᠡᠴᠡ ᠰᠠᠯᠬᠤ ᠦᠭᠡᠢ ᠬᠦᠮᠦᠨ ᠮᠡᠳᠡᠯᠭᠡ ᠶᠡᠭᠡ ᠨᠤᠶᠢᠷ  ᠡᠴᠡ ᠰᠠᠯᠬᠤ ᠦᠭᠡᠢ ᠬᠦᠮᠦᠨ ᠵᠡᠬᠦᠳᠦ ᠶᠡᠭᠡ

︽ ᠨᠤᠮ ᠪᠢᠴᠢᠭ ᠤᠩᠰᠢᠬᠤ ᠦᠭᠡᠢ ᠬᠦᠮᠦᠨ ᠨᠢᠳᠤ ᠪᠠᠶᠢᠭᠠᠳ ᠰᠤᠬᠤᠷ ᠠᠳᠠᠯᠢ ︾ ᠭᠡᠳᠡᠭᠴᠢᠯᠡᠨ ᠤᠯᠠᠨ ᠨᠤᠮ ᠤᠩᠰᠢᠭᠰᠠᠨ ᠬᠦᠮᠦᠨ ᠦᠷᠭᠡᠨ ᠲᠡᠯᠭᠡᠷ ᠮᠡᠳᠡᠯᠭᠡ  ᠲᠠᠢ ᠪᠠᠶᠢᠬᠤ  ᠨᠢ ᠶᠠᠷᠢᠶᠠᠨ ᠦᠭᠡᠢ ᠃ 2018 ᠣᠨ ᠤ 12 ᠳᠤᠭᠠᠷ ᠰᠠᠷ᠎ᠠ ᠶᠢᠨ 6 ᠦ ᠡᠳᠦᠷ ᠂ ᠣᠷᠳᠣᠰ ᠬᠤᠲᠠ ᠶᠢᠨ ᠬᠢᠶ᠎ᠠ ᠪᠠᠭᠰᠢ ᠲᠤᠭᠤᠷᠢᠭ ᠤᠨ ᠦᠨᠳᠦᠰᠦᠲᠡᠨ ᠦ ᠪᠦᠯᠬᠦᠮᠳᠡᠯ ᠳᠠᠪᠰᠢᠯᠲᠠ ᠶᠢ ᠡᠭᠦᠳᠦᠨ ᠪᠠᠶᠢᠭᠤᠯᠬᠤ ᠠᠵᠢᠯ ᠤᠨ ᠤᠳᠤᠷᠢᠳᠬᠤ ᠳᠤᠭᠤᠶᠢᠯᠠᠩ ᠤᠨ ᠮᠠᠨ ᠤ ᠰᠤᠷᠭᠠᠭᠤᠯᠢ ᠶᠢᠨ ᠠᠩᠬ᠎ᠠ ᠳᠤᠮᠳᠠᠳᠤ ᠶᠢᠨ ᠰᠤᠷᠤᠭᠴᠢᠳ ᠲᠤ ᠨᠣᠮ ᠪᠡᠯᠭᠡᠯᠡᠬᠦ ᠠᠵᠢᠯᠯᠠᠭ᠎ᠠ ᠦᠪᠡᠳᠡᠭᠰᠢ […]

ᠲᠡᠭᠡᠲᠤ ᠬᠤᠶᠠᠳᠤᠭᠠᠷ ᠤᠨ ᠤ ᠰᠤᠷᠤᠭᠴᠢᠳ ᠤᠨ ᠭᠤᠷᠪᠠᠳᠤᠭᠠᠷ ᠰᠠᠷ᠎ᠠ ᠶᠢᠨ ᠶᠡᠷᠤᠩᠬᠡᠢ ᠪᠠᠶᠢᠳᠠᠯ ᠤᠨ ᠳ᠋ᠦᠩᠨᠡᠯᠲᠡ ᠶᠢᠨ ᠬᠤᠷᠠᠯ

2018 ᠤᠨ ᠤ 4 ᠰᠠᠷ᠎ᠠ ᠶᠢᠨ 3 ᠦ ᠡᠲᠤᠷ ᠂ᠰᠤᠷᠭᠠᠭᠤᠯᠢ ᠵᠢᠨ  ᠲᠤᠭᠯᠠᠯᠲᠠ ᠶᠢᠨ ᠲᠢᠩᠬᠢᠮ ᠳᠦ ᠮᠠᠨ ᠤ ᠤᠨ ︽ ᠲᠡᠭᠡᠲᠤ ᠬᠤᠶᠠᠳᠤᠭᠠᠷ ᠤᠨ ᠤ ᠰᠤᠷᠤᠭᠴᠢᠳ ᠤᠨ ᠭᠤᠷᠪᠠᠳᠤᠭᠠᠷ ᠰᠠᠷ᠎ᠠ ᠶᠢᠨ ᠶᠡᠷᠤᠩᠬᠡᠢ ᠪᠠᠶᠢᠳᠠᠯ ᠤᠨ ᠳ᠋ᠦᠩᠨᠡᠯᠲᠡ ᠶᠢᠨ ᠬᠤᠷᠠᠯ ︾ ᠢ ᠠᠮᠵᠢᠯᠲᠠ  ᠲᠠᠢ ᠪᠠᠷ ᠶᠠᠪᠤᠭᠳᠠᠭᠤᠯᠪᠠ᠃ ᠬᠤᠷᠠᠯ  ᠳᠤ ᠪᠦᠷᠭᠦᠳ ᠪᠠᠭᠰᠢ ᠪᠤᠯᠤᠨ ᠵᠤᠷᠢᠭᠴᠡᠴᠡᠭ ᠪᠠᠭᠰᠢ  ᠭᠤᠤᠯᠳᠠᠯᠭ᠎ᠠ ᠲᠠᠢ ᠶᠠᠷᠢᠶ᠎ᠠ ᠲᠠᠯᠪᠢᠵᠤ᠂ᠰᠤᠷᠭᠠᠭᠤᠯᠢ ᠡᠬᠢᠯᠡᠭᠰᠡᠨ ᠡᠴᠡ ᠤᠳᠤ ᠬᠦᠷᠲᠡᠯᠡᠬᠢ ᠰᠤᠷᠤᠭᠴᠢᠳ ᠤᠨ ᠰᠤᠷᠤᠯᠭ᠎ᠠ ᠶᠢᠨ ᠲᠠᠯ᠎ᠠ ᠪᠠᠷ ᠤᠷᠤᠰᠢᠵᠤ ᠪᠠᠶᠢᠭ᠎ᠠ ᠠᠰᠠᠭᠤᠳᠠᠯ  ᠢ ᠲᠤᠷᠠᠳᠬᠤ ᠶᠢᠨ ᠲᠠᠭᠠᠤ ᠰᠠᠬᠢᠯᠭ᠎ᠠ ᠪᠠᠲᠤ᠂ ᠲᠦᠷᠢᠮ ᠲᠤᠭᠲᠠᠭᠠᠯ ᠢ  ᠡᠪᠳᠡᠭᠰᠡᠳ ᠢ ᠰᠡᠷᠡᠮᠵᠢᠭᠦᠯᠦᠨ ᠰᠢᠭᠦᠮᠵᠢᠯᠡᠪᠡ᠃ ᠮᠦᠨ ᠰᠤᠷᠤᠭᠴᠢᠳ ᠤᠨ […]

ᠠᠩᠬ᠎ᠠ ᠳᠤᠮᠳᠠᠳᠤ ᠶᠢᠨ ᠣᠨ ᠤ ᠳᠤᠭᠤᠶᠢᠯᠠᠩ ᠤᠨ ᠬᠤᠭᠤᠴᠠᠭ᠎ᠠ ᠳᠤᠮᠳᠠ ᠶᠢᠨ ᠰᠢᠯᠭᠠᠯᠲᠠ ᠶᠢᠨ ᠵᠠᠳᠠᠯᠤᠯᠲᠠ ᠶᠢᠨ ᠬᠤᠷᠠᠯ

ᠰᠤᠷᠭᠠᠭᠤᠯᠢ ᠶᠢᠨ ᠤᠳᠤᠷᠢᠳᠤᠯᠭ᠎ᠠ ᠵᠢᠴᠢ ᠪᠠᠭᠰᠢᠨᠠᠷ ᠤᠨ ᠪᠤᠳᠠᠳᠤ ᠱᠠᠭᠠᠷᠳᠠᠯᠭ᠎ᠠ ᠶᠢ ᠦᠨᠳᠦᠰᠦᠯᠡᠨ ᠂ ᠲᠤᠰ ᠬᠤᠭᠤᠴᠠᠭᠠᠨ ᠤ ᠬᠤᠭᠤᠴᠠᠭ᠎ᠠ ᠳᠤᠮᠳᠠ ᠶᠢᠨ ᠰᠢᠯᠭᠠᠯᠲᠠ ᠶᠢᠨ ᠵᠠᠳᠠᠯᠤᠯᠲᠠ ᠶᠢᠨ ᠬᠤᠷᠠᠯ ᠢ ᠪᠦᠷᠢᠨ ᠰᠢᠨ᠎ᠡ ᠬᠡᠯᠪᠡᠷᠢ  ᠪᠠᠷ ᠬᠢᠵᠦ ᠂ ᠡᠯ᠎ᠡ ᠠᠩᠭᠢ ᠶᠢᠨ ᠡᠷᠬᠢᠯᠡᠭᠴᠢ ᠡᠴᠡ ᠭᠡᠷ ᠦᠨ ᠠᠬᠠᠮᠠᠳ ᠢ ᠵᠤᠬᠢᠶᠠᠨ ᠪᠠᠶᠢᠭᠤᠯᠵᠤ ᠂ ᠪᠠᠭᠰᠢ ᠂ ᠰᠤᠷᠤᠭᠴᠢ ᠂ ᠭᠡᠷ ᠦᠨ ᠠᠬᠠᠮᠠᠳ ᠬᠠᠮᠲᠤ  ᠪᠠᠷ ᠬᠤᠭᠤᠴᠠᠭ᠎ᠠ ᠳᠤᠮᠳᠠ ᠶᠢᠨ ᠰᠢᠯᠭᠠᠯᠲᠠ ᠶᠢ ᠵᠠᠳᠠᠯᠬᠤ  ᠪᠠᠷ ᠲᠤᠭᠲᠠᠭᠰᠠᠨ ᠪᠠᠶᠢᠨ᠎ᠠ ᠃2017 ᠣᠨ ᠤ11 ᠰᠠᠷ᠎ᠠ ᠶᠢᠨ 10 ᠦ ᠡᠳᠦᠷ ᠦᠨ ᠦᠳᠡ ᠶᠢᠨ ᠬᠤᠶᠢᠨ᠎ᠠ ᠶᠢᠨ ᠴᠠᠭᠲᠤᠷ ᠂ ᠤᠷᠳᠤᠰ ᠬᠤᠲᠠ ᠶᠢᠨ […]

︽ ᠮᠢᠨᠤ ᠤᠩᠰᠢᠭᠰᠠᠨ ᠪᠠᠬᠠᠷᠬᠠᠯᠲᠤ ᠮᠤᠩᠭᠤᠯ ᠲᠡᠥᠬᠡ ︾ ᠶᠢᠨ ᠠᠩᠬ᠎ᠠ ᠳᠤᠮᠳᠠᠳᠤ  ᠳᠡᠬᠢ ᠲᠠᠨᠢᠯᠴᠠᠭᠤᠯᠭ᠎ᠠ ᠶᠢᠨ ᠬᠤᠷᠠᠯ

2018 ᠣᠨ ᠤ 1 ᠰᠠᠷ᠎ᠠ ᠶᠢᠨ 4 ᠡᠳᠦᠷ ᠦᠨ ᠦᠳᠡ ᠶᠢᠨ ᠬᠤᠶᠢᠨ᠎ᠠ ᠶᠢᠨ ᠬᠢᠴᠢᠶᠡᠯ  ᠦᠨ ᠭᠠᠳᠠᠨᠠᠬᠢ ᠬᠦᠳᠡᠯᠬᠡᠬᠡᠨ ᠦ ᠴᠠᠭ ᠢ ᠠᠰᠢᠭᠯᠠᠨ ᠂ ᠠᠩᠬ᠎ᠠ ᠳᠤᠮᠳᠠᠳᠤ ᠶᠢᠨ ᠪᠦᠬᠦ ᠰᠤᠷᠤᠭᠴᠢ ᠨᠦᠬᠦᠳ ᠡᠴᠡ ᠳᠡᠭᠡᠳᠦ 215 ᠳ᠋ᠤᠭᠠᠷ ᠪᠦᠯᠦᠭ ᠦᠨ ᠬᠦᠰᠡᠯᠡᠩ ᠢ ᠤᠷᠢᠵᠤ ᠂ ᠦᠪᠡᠷ ᠦᠨ ᠨᠣᠮ ᠪᠢᠴᠢᠭᠰᠡᠨ ᠦ ᠳᠠᠷᠠᠭᠠᠬᠢ ᠤᠯᠤᠯᠲᠠ ᠲᠦᠷᠦᠭᠲᠡᠯ ᠢᠶᠠᠨ ᠲᠠᠨᠢᠯᠴᠠᠭᠤᠯᠬᠤ ᠬᠦᠳᠡᠯᠬᠡᠬᠡᠨ ᠢ ᠶᠠᠪᠤᠭᠤᠯᠪᠠ ᠃ ᠲᠤᠰ 50 ᠮᠢᠨᠦᠲ ᠤᠨ ᠶᠠᠷᠢᠶᠠᠨ ᠳᠤ ᠬᠦᠰᠡᠯᠡᠩ ᠡᠴᠡ ᠨᠣᠮ ᠪᠢᠴᠢᠭᠰᠡᠨ ᠵᠣᠷᠢᠯᠭ᠎ᠠ ᠂ ᠬᠡᠷᠬᠢᠨ ᠪᠢᠴᠢᠭᠰᠡᠨ ᠂ ᠲᠤᠯᠭᠠᠷᠠᠭᠰᠠᠨ ᠠᠰᠠᠭᠤᠳᠠᠯ ᠬᠦᠴᠢᠷᠳᠡᠯᠬᠡ ᠪᠠᠨ ᠬᠡᠷᠬᠢᠨ ᠰᠢᠢᠳᠪᠦᠷᠢᠯᠡᠭᠰᠡᠨ ᠂ ᠡᠬᠦᠨ ᠦ […]

ᠨᠤᠮ ᠤᠨ ᠬᠤᠷᠭᠤ

ᠰᠤᠷᠤᠭᠴᠢᠳ ᠤᠨ ᠰᠠᠶᠢᠨ ᠬᠠᠪᠰᠤᠷᠤᠭᠴᠢ ~ ~ ᠨᠤᠮ ᠤᠨ ᠬᠤᠷᠭᠤ ᠲᠤᠰ  ᠬᠤᠭᠤᠴᠠᠭ᠎ᠠ ᠂  ᠲᠡᠭᠡᠳᠤ ᠬᠤᠶᠠᠷ ᠤᠨ ᠤᠨ ᠤ ᠲᠤᠭᠤᠶᠢᠯᠠᠩ ᠤᠨ  ᠬᠢᠨ  ᠰᠤᠷᠤᠭᠴᠢ  ᠶᠢᠨ ᠰᠢᠷᠡᠭᠡᠨ  ᠨᠢᠭᠤᠷ ᠲᠡᠭᠡᠷ᠎ᠡ  ᠨᠤᠮ ᠤᠪᠤᠭᠠᠷᠠᠭᠰᠠᠨ ᠦᠵᠡᠭᠳᠡᠯ ᠳᠦ  ᠴᠢᠭᠯᠡᠭᠦᠯᠵᠤ ᠂  ᠵᠢᠵᠢᠭ ᠨᠤᠮ ᠤᠨ ᠬᠤᠷᠭᠤ  ᠶᠢ ᠦᠪᠡᠷᠲᠡᠭᠡᠨ ᠬᠢᠬᠦ ᠪᠤᠶᠤ ᠬᠤᠳᠠᠯᠳᠤᠨ ᠠᠪᠤᠭᠰᠠᠨ ᠪᠠᠶᠢᠨ᠎ᠠ ᠃ ᠰᠤᠷᠤᠭᠴᠢᠳ ᠤᠨ ᠨᠤᠮ ᠤᠨ ᠬᠤᠷᠭᠤ  ᠨᠢ ᠲᠤᠤᠷᠠᠬᠢ ᠮᠡᠲᠤ ᠤᠨᠴᠠᠯᠢᠭ ᠪᠤᠢ ᠃ ᠪᠠᠭᠳᠠᠭᠠᠮᠵᠢ ᠶᠡᠬᠡ ᠂ ᠲᠡᠭᠡᠲᠤ ᠲᠤᠮᠲᠠᠲᠤ ᠶᠢᠨ ᠬᠢᠴᠢᠶᠡᠯ ᠦᠨ ᠨᠤᠮ ᠠᠷᠪᠢᠨ ᠪᠠᠶᠢᠵᠤ ᠂ᠰᠤᠷᠤᠭᠴᠢᠳ […]

1 ᠳ᠋ᠤᠭᠠᠷ ᠨᠢᠭᠤᠷ ᠂ ᠨᠡᠶᠢᠲᠡ 3 ᠨᠢᠭᠤᠷ 123